ᠦᠨᠳᠦᠰᠦᠨ ᠦ ᠶᠡᠬᠡ ᠪᠠᠶᠠᠷ ᠨᠠᠭᠠᠳᠤᠮ ᠢ ᠲᠣᠬᠢᠶᠠᠯᠳᠤᠭᠤᠯᠤᠨ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠳᠥ ᠪᠦ᠊᠂ ᠨᠠᠢᠢ᠊᠂ ᠬᠢ᠊᠂ ᠠ᠊᠂ ᠤᠯᠤᠰ ᠤᠨ ᠳᠠᠷᠤᠭ᠎ᠠ ᠰᠢ ᠵᠢᠨ᠋ᠫᠢᠩ ᠮᠡᠨᠳᠦᠴᠢᠯᠡᠭᠡ ᠳᠡᠪᠰᠢᠭᠦᠯᠦᠯ᠎ᠡ᠃
ᠮᠡᠨᠳᠦᠴᠢᠯᠡᠭᠡᠨ ᠳᠥ:
«ᠡᠷᠬᠢᠮᠰᠦᠭ ᠨᠣᠶᠠᠨ ᠶᠡᠷᠦᠩᠬᠡᠢᠢᠯᠡᠭᠴᠢ ᠡ᠂
ᠮᠣᠩ᠋ᠭᠤᠯ ᠤᠯᠤᠰ ᠤᠨ ᠦᠨᠳᠦᠰᠦᠨ ᠦ ᠶᠡᠬᠡ ᠪᠠᠶᠠᠷ ᠨᠠᠭᠠᠳᠤᠮ ᠢ ᠲᠣᠬᠢᠶᠠᠯᠳᠤᠭᠤᠯᠤᠨ ᠲᠠᠨ ᠳᠤ ᠪᠣᠯᠤᠨ ᠲᠠᠨ ᠤ ᠠᠷᠠᠳ ᠲᠦᠮᠡᠨ ᠳᠥ ᠴᠢᠩ ᠰᠡᠳᠬᠢᠯ ᠦᠨ ᠪᠠᠶᠠᠷ ᠬᠦᠷᠭᠡᠵᠦ᠂ ᠰᠠᠢᠢᠨ ᠰᠠᠢᠢᠬᠠᠨ ᠢ ᠬᠦᠰᠡᠨ ᠢᠷᠦᠭᠡᠶ ᠡ᠃
ᠬᠢᠲᠠᠳ᠂ ᠮᠣᠩ᠋ᠭᠤᠯ ᠬᠣᠶᠠᠷ ᠤᠯᠤᠰ ᠠᠭᠤᠯᠠ ᠤᠰᠤ ᠪᠠᠷ ᠬᠣᠯᠪᠤᠭᠳᠠᠨ ᠬᠠᠶᠠᠭ᠎ᠠ ᠳᠡᠷᠡᠯᠡᠨ ᠣᠷᠤᠰᠢᠳᠠᠭ ᠪᠥᠭᠡᠳ ᠰᠠᠢᠢᠨ ᠬᠥᠷᠰᠢ ᠢᠢᠨ ᠨᠠᠢᠢᠷᠰᠠᠭ ᠬᠠᠷᠢᠯᠴᠠᠭ᠎ᠠ ᠢᠢ ᠤᠷᠲᠤ ᠬᠤᠭᠤᠴᠠᠭᠠᠨ ᠳᠤ ᠬᠥᠭ᠍ᠵᠢᠭᠦᠯᠬᠦ ᠨᠢ ᠬᠣᠶᠠᠷ ᠤᠯᠤᠰ ᠤᠨ ᠠᠷᠠᠳ ᠢᠷᠭᠡᠳ ᠦᠨ ᠢᠵᠠᠭᠤᠷ ᠡᠷᠬᠡ ᠠᠰᠢᠭ ᠲᠤ ᠨᠡᠢᠢᠴᠡᠨ᠎ᠡ᠃
ᠮᠢᠨᠦ ᠪᠡᠶ᠎ᠡ ᠬᠣᠶᠠᠷ ᠣᠷᠤᠨ ᠤ ᠬᠠᠷᠢᠯᠴᠠᠭᠠᠨ ᠤ ᠬᠥᠭ᠍ᠵᠢᠯ ᠢ ᠣᠨᠴᠠᠭᠠᠢᠢᠯᠠᠨ ᠴᠢᠬᠤᠯᠠᠴᠢᠯᠠᠳᠠᠭ ᠪᠥᠭᠡᠳ ᠬᠢᠲᠠᠳ᠂ ᠮᠣᠩ᠋ᠭᠤᠯ ᠤᠨ ᠬᠤᠪᠢ ᠵᠠᠶᠠᠭᠠᠨ ᠤ ᠬᠠᠮᠲᠤ ᠢᠢᠨ ᠨᠡᠢᠢᠭᠡᠮᠯᠢᠭ᠌ ᠢ ᠴᠣᠭᠴᠠᠯᠠᠭᠠᠬᠤ ᠦᠵᠡᠯ ᠰᠠᠨᠠᠭ᠎ᠠ ᠢᠢ ᠦᠨᠳᠦᠰᠦᠨ ᠴᠢᠭᠯᠡᠯ ᠢᠶᠡᠨ ᠪᠣᠯᠭᠠᠨ᠂ ᠬᠠᠷᠢᠯᠴᠠᠭᠠᠨ ᠤ ᠬᠥᠭ᠍ᠵᠢᠯ ᠢ ᠵᠥᠪ ᠴᠢᠭᠯᠡᠯ ᠳᠥ ᠵᠠᠯᠠᠵᠤ᠂ ᠢᠵᠢ ᠪᠦᠷᠢᠨ ᠰᠲ᠋ᠷᠠᠲ᠋ᠧᠭᠢ ᠢᠢᠨ ᠲᠦᠩᠰᠢᠯᠡᠯ ᠦᠨ ᠬᠠᠷᠢᠯᠴᠠᠭ᠎ᠠ ᠢᠢ ᠤᠷᠲᠤ ᠬᠤᠭᠤᠴᠠᠭᠠᠨ ᠳᠤ ᠲᠣᠭᠲᠠᠪᠤᠷᠢ ᠲᠠᠢ ᠤᠷᠤᠭᠰᠢᠯᠠᠭᠤᠯᠤᠨ᠂ ᠬᠥᠷᠰᠢ ᠣᠷᠤᠨ ᠨᠤᠭᠤᠳ ᠤᠨ ᠦᠯᠢᠭᠡᠷ ᠵᠢᠱᠢᠶ᠎ᠡ ᠬᠠᠷᠢᠯᠴᠠᠭ᠎ᠠ ᠪᠣᠯᠭᠠᠨ ᠬᠥᠭ᠍ᠵᠢᠭᠦᠯᠵᠦ᠂ ᠬᠣᠶᠠᠷ ᠣᠷᠤᠨ ᠤ ᠠᠷᠠᠳ ᠲᠦᠮᠡᠨ ᠳᠥ ᠠᠰᠢᠭ ᠰᠢᠮ᠎ᠡ ᠢᠢ ᠬᠦᠷᠲᠡᠭᠡᠬᠦ ᠢᠢᠨ ᠲᠥᠯᠦᠭᠡ ᠲᠠᠨ ᠲᠠᠢ ᠬᠠᠮᠲᠤ ᠳᠤ ᠪᠠᠨ ᠬᠦᠴᠦᠨ ᠴᠢᠷᠮᠠᠢᠢᠯᠲᠠ ᠭᠠᠷᠭᠠᠬᠤ ᠳᠤ ᠪᠡᠯᠡᠨ ᠪᠠᠢᠢᠨ᠎ᠠ᠃
ᠲᠠᠨ ᠤ ᠤᠯᠤᠰ ᠲᠤ ᠬᠥᠭ᠍ᠵᠢᠯ ᠴᠡᠴᠡᠭᠯᠡᠯᠲᠡ᠂ ᠠᠷᠠᠳ ᠲᠦᠮᠡᠨ ᠳᠥ ᠠᠵᠠ ᠵᠢᠷᠭᠠᠯ᠂ ᠠᠮᠤᠷ ᠠᠮᠤᠭᠤᠯᠠᠩ ᠢ ᠬᠦᠰᠡᠨ ᠢᠷᠦᠭᠡᠶ ᠡ» ᠭᠡᠵᠡᠶ᠃