Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ᠂ ᠯᠠᠣᠰ ᠤᠨ ᠬᠠᠮᠲᠤ ᠢᠢᠨ ᠠᠵᠢᠯᠯᠠᠭᠠᠨ ᠤ ᠪᠠᠷᠢᠮᠲᠠ ᠪᠢᠴᠢᠭ ᠦᠳ ᠲᠥ ᠭᠠᠷ ᠤᠨ ᠦᠰᠦᠭ ᠵᠢᠷᠤᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠤᠷᠢᠯᠭ᠎ᠠ ᠪᠠᠷ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠤᠨ ᠶᠡᠷᠦᠩᠬᠡᠢᠢᠯᠡᠭᠴᠢ ᠲᠣᠩ᠋ᠯᠥ᠋ᠨ ᠰᠢᠰᠥ᠋ᠯᠢᠲ 2024 ᠣᠨ ᠤ 06 ᠳ᠋ᠤᠭᠠᠷ ᠰᠠᠷ᠎ᠠ ᠢᠢᠨ 11-12 ᠍ ᠤ ᠡᠳᠦᠷ ᠦᠳ ᠲᠥ ᠮᠣᠩ᠋ᠭᠣᠯ ᠤᠯᠤᠰ ᠲᠤ ᠲᠥᠷᠦ ᠢᠢᠨ ᠠᠢᠢᠯᠴᠢᠯᠠᠯ ᠬᠢᠵᠦ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠲᠤ 2023 ᠣᠨ ᠤ 11 ᠳ᠋ᠤᠭᠡᠷ ᠰᠠᠷ᠎ᠠ ᠳᠤ ᠬᠢᠭ᠍ᠰᠡᠨ ᠲᠥᠷᠦ ᠢᠢᠨ ᠠᠢᠢᠯᠴᠢᠯᠠᠯ ᠤᠨ ᠦᠶ᠎ᠡ ᠪᠡᠷ ᠲᠠᠯ᠎ᠠ ᠨᠤᠭᠤᠳ ᠠᠭᠠᠷ ᠤᠨ ᠬᠠᠷᠢᠯᠴᠠᠭ᠎ᠠ᠂ ᠮᠠᠯ ᠡᠮᠨᠡᠯᠭᠡ᠂ ᠮᠠᠯ᠂ ᠠᠮᠢᠲᠠᠨ ᠤ ᠬᠣᠷᠢᠭ᠎ᠠ ᠴᠡᠭᠡᠷ᠂ ᠤᠷᠭᠤᠮᠠᠯ ᠬᠠᠮᠠᠭᠠᠯᠠᠯ᠂ ᠬᠣᠷᠢᠭ᠎ᠠ ᠴᠡᠭᠡᠷ ᠦᠨ ᠰᠠᠯᠪᠤᠷᠢ ᠳᠤ ᠵᠠᠰᠠᠭ ᠤᠨ ᠭᠠᠵᠠᠷ ᠬᠣᠭᠣᠷᠣᠨᠳᠣ ᠢᠢᠨ ᠭᠤᠷᠪᠠᠨ ᠬᠡᠯᠡᠯᠴᠡᠭᠡᠷ᠂ ᠠᠶᠠᠯᠠᠯ ᠵᠢᠭᠤᠯᠴᠢᠯᠠᠯ᠂ ᠪᠠᠢᠢᠭᠠᠯᠢ ᠢᠢᠨ ᠨᠥᠭᠡᠴᠡ᠂ ᠪᠠᠢᠢᠭᠠᠯᠢ ᠣᠷᠴᠢᠨ ᠢ ᠬᠠᠮᠠᠭᠠᠯᠠᠬᠤ᠂ ᠰᠣᠶᠣᠯ ᠤᠨ ᠬᠠᠮᠲᠤ ᠢᠢᠨ ᠠᠵᠢᠯᠯᠠᠭᠠᠨ ᠤ ᠰᠠᠯᠪᠤᠷᠢ ᠳᠤ ᠪᠠᠢᠢᠭᠤᠯᠤᠯᠭ᠎ᠠ ᠬᠣᠭᠣᠷᠣᠨᠳᠣ ᠢᠢᠨ ᠳᠥᠷᠪᠡᠨ ᠪᠠᠷᠢᠮᠲᠠ ᠪᠢᠴᠢᠭ᠌ ᠲᠥ ᠭᠠᠷ ᠤᠨ ᠦᠰᠦᠭ ᠵᠢᠷᠤᠭᠰᠠᠨ ᠶᠤᠮ᠃

ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠤᠨ ᠶᠡᠷᠦᠩᠬᠡᠢᠢᠯᠡᠭᠴᠢ ᠲᠣᠩ᠋ᠯᠥ᠋ᠨ ᠰᠢᠰᠥ᠋ᠯᠢᠲ ᠤᠨ ᠲᠥᠷᠦ ᠢᠢᠨ ᠠᠢᠢᠯᠴᠢᠯᠠᠯ ᠢᠶᠠᠷ ᠵᠠᠰᠠᠭ ᠤᠨ ᠭᠠᠵᠠᠷ ᠬᠣᠭᠣᠷᠣᠨᠳᠣ ᠢᠢᠨ ᠳᠡᠭᠡᠷᠡᠬᠢ ᠬᠡᠯᠡᠯᠴᠡᠭᠡᠷ ᠦᠨ ᠬᠡᠷᠡᠭᠵᠢᠯᠲᠡ ᠢᠢ ᠬᠠᠩ᠋ᠭᠠᠬᠤ ᠢᠢᠨ ᠵᠡᠷᠭᠡᠴᠡᠭᠡ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠬᠦᠷᠢᠶᠡᠨ ᠳᠥ ᠳᠠᠷᠠᠭᠠᠬᠢ ᠪᠠᠷᠢᠮᠲᠠ ᠪᠢᠴᠢᠭ᠌ ᠦᠳ ᠲᠥ ᠭᠠᠷ ᠤᠨ ᠦᠰᠦᠭ ᠵᠢᠷᠤᠯ᠎ᠠ᠃

ᠡᠭᠦᠨ ᠳᠥ᠄

•《ᠡᠷᠡᠭᠥᠯ ᠮᠡᠨᠳᠥ᠂ ᠠᠨᠠᠭᠠᠬᠤ ᠤᠬᠠᠭᠠᠨ ᠤ ᠰᠠᠯᠪᠤᠷᠢ ᠳᠤ ᠬᠠᠮᠲᠤᠷᠠᠨ ᠠᠵᠢᠯᠯᠠᠬᠤ ᠲᠤᠬᠠᠢ ᠮᠣᠩ᠋ᠭᠣᠯ ᠤᠯᠤᠰ ᠤᠨ ᠡᠷᠡᠭᠥᠯ ᠮᠡᠨᠳᠥ ᠢᠢᠨ ᠶᠠᠮᠤᠨ᠂ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠤᠨ ᠡᠷᠡᠭᠥᠯ ᠮᠡᠨᠳᠥ ᠢᠢᠨ ᠶᠠᠮᠤ ᠬᠤᠭᠤᠷᠤᠨᠳᠤ ᠢᠢᠨ ᠰᠠᠨᠠᠮᠵᠢ ᠪᠢᠴᠢᠭ᠌》

ᠲᠠᠯ ᠠ ᠨᠤᠭᠤᠳ ᠥᠪᠡᠷ ᠦᠨ ᠤᠯᠤᠰ ᠤᠨ ᠡᠷᠡᠭᠦᠯ ᠮᠡᠨᠳᠦ ᠢᠢᠨ ᠰᠠᠯᠪᠤᠷᠢ ᠢᠢᠨ ᠲᠡᠷᠢᠭᠦᠯᠡᠬᠦ ᠴᠢᠭᠯᠡᠯ᠂ ᠬᠡᠷᠡᠭᠴᠡᠭᠡ᠂ ᠱᠠᠭᠠᠷᠳᠠᠯᠭ᠎ᠠ ᠳᠤ ᠲᠤᠯᠭᠠᠭᠤᠷᠢᠯᠠᠨ᠂ ᠡᠷᠡᠭᠦᠯ ᠮᠡᠨᠳᠦ᠂ ᠠᠨᠠᠭᠠᠬᠤ ᠤᠬᠠᠭᠠᠨ ᠤ ᠰᠠᠯᠪᠤᠷᠢ ᠢᠢᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠦᠨ᠎ᠡ᠃ ᠢᠯᠠᠩ᠋ᠭᠤᠶ᠎ᠠ ᠣᠨᠣᠰᠢᠯᠠᠭ᠎ᠠ᠂ ᠡᠮᠴᠢᠯᠡᠭᠡᠨ ᠦ ᠠᠷᠭ᠎ᠠ᠂ ᠲᠧᠭᠨᠣᠯᠣᠭᠢ᠂ ᠮᠡᠰᠡ ᠵᠠᠰᠠᠯ᠂ ᠶᠠᠭᠠᠷᠠᠯᠲᠠᠢ ᠲᠤᠰᠠᠯᠠᠮᠵᠢ ᠢᠢᠨ ᠴᠢᠭᠯᠡᠯ ᠢᠶᠡᠷ ᠮᠡᠳᠡᠯᠭᠡ᠂ ᠲᠤᠷᠰᠢᠯᠭ᠎ᠠ ᠪᠠᠨ ᠰᠣᠯᠢᠯᠴᠠᠨ᠎ᠠ᠃

•《ᠮᠣᠩ᠋ᠭᠣᠯ ᠤᠯᠤᠰ ᠠᠴᠠ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠤᠷᠤᠭᠤ ᠥᠬᠡᠷ᠂ ᠠᠳᠤᠭᠤ᠂ ᠬᠤᠨᠢ᠂ ᠢᠮᠠᠭᠠᠨ ᠤ ᠮᠢᠬ ᠠ ᠡᠻᠰᠫᠤᠷᠲ᠋ᠯᠠᠬᠤ᠂ ᠠᠮᠢᠲᠠᠨ ᠤ ᠭᠠᠷᠤᠯ ᠲᠠᠢ ᠪᠥᠳᠥᠭᠡᠭ᠍ᠳᠡᠬᠥᠨ ᠠᠷᠢᠭᠤᠨ ᠴᠡᠪᠡᠷ ‍ᠥᠨ ᠽᠠᠭᠠᠷᠳᠠᠯᠭ᠎ᠠ ᠢᠢᠨ ᠲᠤᠬᠠᠢ ᠮᠣᠩ᠋ᠭᠣᠯ ᠤᠯᠤᠰ ᠤᠨ ᠬᠥᠨᠡᠰᠥ᠂ ᠬᠥᠳᠡᠭᠡ ᠠᠵᠤ ᠠᠬᠤᠢ᠂ ᠬᠥᠩᠭᠡᠨ ᠥᠢᠯᠡᠳᠪᠥᠷᠢ ᠢᠢᠨ ᠶᠡᠮᠤ᠂ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠤᠨ ᠬᠥᠳᠡᠭᠡ ᠠᠵᠤ ᠠᠬᠤᠢ᠂  ᠤᠢ ᠢᠢᠨ ᠶᠠᠮᠤ ᠬᠤᠭᠤᠷᠤᠨᠳᠤ ᠢᠢᠨ ᠫᠷᠤᠲ᠋ᠤᠻᠤᠯ》

ᠮᠣᠩ᠋ᠭᠣᠯ ᠤᠯᠤᠰ ᠠᠴᠠ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠲᠤ ᠡᠻᠰᠫᠣᠷᠲ᠋ᠯᠠᠬᠤ ᠦᠬᠡᠷ᠂ ᠠᠳᠤᠭᠤ᠂ ᠬᠣᠨᠢ᠂ ᠢᠮᠠᠭᠠᠨ ᠤ ᠮᠢᠬᠠᠨ ᠤ 《ᠣᠯᠠᠨ ᠤᠯᠤᠰ ᠤᠨ ᠮᠠᠯ ᠡᠮᠨᠡᠯᠭᠡ ᠢᠢᠨ ᠭᠡᠷᠡᠴᠢᠯᠡᠭᠡᠨ》 ᠍ ᠦ ᠵᠠᠭᠪᠤᠷ᠂ ᠨᠥᠬᠥᠴᠡᠯ᠂ ᠱᠠᠭᠠᠷᠳᠠᠯᠭ᠎ᠠ ᠪᠠᠨ ᠬᠠᠷᠢᠯᠴᠠᠨ ᠲᠣᠬᠢᠷᠠᠯᠴᠠᠵᠤ ᠪᠠᠲᠤᠯᠠᠭᠠᠵᠢᠭᠤᠯᠤᠯ᠎ᠠ᠃ ᠢᠩ᠋ᠭᠢᠭᠰᠡᠨ ᠢᠶᠡᠷ ᠬᠣᠶᠠᠷ ᠤᠯᠤᠰ ᠤᠨ ᠮᠠᠯ ᠡᠮᠨᠡᠯᠭᠡ ᠢᠢᠨ ᠰᠠᠯᠪᠤᠷᠢ ᠢᠢᠨ ᠬᠠᠮᠲᠤ ᠢᠢᠨ ᠠᠵᠢᠯᠯᠠᠭ᠎ᠠ ᠥᠷᠭᠡᠵᠢᠨ ᠲᠡᠯᠡᠬᠦ ᠢᠢᠨ ᠵᠡᠷᠭᠡᠴᠡᠭᠡ ᠮᠢᠬ᠎ᠠ ᠡᠻᠰᠫᠣᠷᠲ᠋ᠯᠠᠬᠤ ᠪᠣᠯᠤᠮᠵᠢ ᠪᠥᠷᠢᠳᠴᠦ ᠪᠠᠢᠢᠨ᠎ᠠ᠃ ᠲᠤᠰ ᠪᠠᠷᠢᠮᠲᠠ ᠪᠢᠴᠢᠭ᠌ ᠢ 2023 ᠣᠨ ᠳᠤ ᠪᠠᠢᠢᠭᠤᠯᠤᠭᠰᠠᠨ ᠮᠠᠯ ᠡᠮᠨᠡᠯᠭᠡ ᠢᠢᠨ ᠰᠠᠯᠪᠤᠷᠢ ᠳᠤ ᠬᠠᠮᠲᠤᠷᠠᠨ ᠠᠵᠢᠯᠯᠠᠬᠤ ᠲᠤᠬᠠᠢ ᠮᠣᠩ᠋ᠭᠣᠯ ᠤᠯᠤᠰ᠂ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠤᠨ ᠵᠠᠰᠠᠭ ᠤᠨ ᠭᠠᠵᠠᠷ ᠬᠣᠭᠣᠷᠣᠨᠳᠣ ᠢᠢᠨ ᠬᠡᠯᠡᠯᠴᠡᠭᠡᠷ ᠦᠨ ᠬᠡᠷᠡᠭᠵᠢᠯᠲᠡ ᠢᠢ ᠬᠠᠩ᠋ᠭᠠᠬᠤ ᠵᠣᠷᠢᠯᠭ᠎ᠠ ᠪᠠᠷ ᠪᠠᠢᠢᠭᠤᠯᠤᠯ᠎ᠠ᠃

•《ᠬᠠᠮᠲᠤ ᠢᠢᠨ ᠠᠵᠢᠯᠯᠠᠭᠠᠨ ᠤ ᠲᠤᠬᠠᠢ ᠮᠣᠩ᠋ᠭᠣᠯ ᠤᠯᠤᠰ ᠤᠨ ᠲᠥᠷᠥ ᠢᠢᠨ ᠠᠯᠪᠠᠨ ᠤ ᠵᠥᠪᠯᠡᠯ᠂ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠯᠠᠤᠰ ᠠᠷᠠᠳ ᠤᠯᠤᠰ ᠤᠨ ᠳᠤᠲᠤᠭᠠᠳᠤ ᠬᠡᠷᠡᠭ ‍ᠥᠨ ᠶᠠᠮᠤ ᠬᠤᠭᠤᠷᠤᠨᠳᠤ ᠢᠢᠨ ᠬᠠᠷᠢᠯᠴᠠᠨ ᠤᠢᠢᠯᠠᠭᠠᠯᠴᠠᠯ ᠤᠨ ᠰᠠᠨᠠᠮᠵᠢ ᠪᠢᠴᠢᠭ᠌》

ᠲᠥᠷᠦ ᠢᠢᠨ ᠠᠯᠪᠠᠨ ᠤ ᠰᠢᠨᠡᠳᠬᠡᠯ ᠦᠨ ᠴᠢᠭᠯᠡᠯ ᠢᠶᠡᠷ ᠲᠤᠷᠰᠢᠯᠭ᠎ᠠ᠂ ᠮᠡᠳᠡᠭᠡᠯᠡᠯ ᠰᠣᠯᠢᠯᠴᠠᠬᠤ᠂ ᠰᠤᠷᠭᠠᠯᠲᠠ ᠵᠣᠬᠢᠶᠠᠨ ᠪᠠᠢᠢᠭᠤᠯᠬᠤ᠂ ᠰᠤᠳᠤᠯᠭ᠎ᠠ ᠬᠢᠬᠦ ᠵᠠᠮ ᠢᠶᠠᠷ ᠬᠠᠮᠲᠤ ᠢᠢᠨ ᠠᠵᠢᠯᠯᠠᠭ᠎ᠠ ᠢᠢ ᠬᠥᠭ᠍ᠵᠢᠭᠦᠯᠦᠨ᠎ᠡ᠃