Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠳᠡᠭᠡᠳᠦ ᠲᠦᠪᠰᠢᠨ ᠦ ᠠᠭᠤᠯᠵᠠᠯᠲᠠ ᠳᠤ ᠠᠵᠢᠭᠯᠠᠭᠴᠢ ᠪᠠᠷ ᠣᠷᠣᠯᠴᠠᠵᠤ᠂ ᠦᠭᠡ ᠬᠡᠯᠡᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠦᠭᠦᠳᠡ ᠨᠠᠢᠢᠷᠠᠮᠳᠠᠬᠤ ᠬᠠᠰᠠᠭ ᠤᠯᠤᠰ ᠤᠨ ᠠᠰᠲ᠋ᠠᠨ᠎ᠠ ᠬᠣᠲᠠᠨ᠎ᠠ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ᠍ ᠢᠢᠨ ᠭᠡᠰᠢᠭᠦᠨ ᠣᠷᠣᠨ ᠨᠤᠭᠤᠳ ᠤᠨ ᠲᠥᠷᠥ ᠢᠢᠨ ᠲᠡᠷᠢᠭᠦᠨ ᠨᠤᠭᠥᠳ ᠤᠨ ᠵᠥᠪᠯᠡᠯ ᠦᠨ ᠥᠷᠭᠡᠳᠬᠡᠭ᠍ᠰᠡᠨ ᠬᠤᠷᠠᠯᠳᠤᠭᠠᠨ ᠳᠤ ᠠᠵᠢᠭᠯᠠᠭᠴᠢ ᠪᠠᠷ ᠣᠷᠣᠯᠴᠠᠵᠤ᠂ ᠦᠭᠡ ᠬᠡᠯᠡᠯ᠎ᠡ᠃

ᠲᠡᠷᠡ ᠪᠡᠷ᠂ ᠮᠣᠩ᠋ᠭᠣᠯ ᠤᠯᠤᠰ ᠡ᠊ᠩᠬᠡ ᠢᠢ ᠡᠷᠬᠢᠮᠯᠡᠭᠰᠡᠨ᠂ ᠨᠡᠭᠡᠭᠡᠯᠲᠡ ᠲᠡᠢ᠂ ᠣᠯᠠᠨ ᠲᠤᠯᠭᠠᠭᠤᠷᠢᠲᠤ᠂ ᠪᠡᠶ᠎ᠡ ᠳᠠᠭᠠᠭᠠᠭᠰᠠᠨ ᠭᠠᠳᠠᠭᠠᠳᠤ ᠪᠣᠳᠣᠯᠭ᠎ᠠ ᠢᠢ ᠲᠤᠭᠤᠰᠢᠲᠠᠢ ᠬᠡᠷᠡᠭᠵᠢᠭᠦᠯᠵᠦ ᠪᠠᠢᠢᠭ᠎ᠠ ᠢᠢ ᠪᠣᠯᠤᠨ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠢᠢᠨ ᠭᠡᠰᠢᠭᠦᠨ ᠪᠦᠬᠦ ᠤᠯᠤᠰ ᠲᠠᠢ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠢ ᠲᠡᠮᠳᠡᠭᠯᠡᠪᠡ᠃

ᠣᠯᠠᠨ ᠲᠤᠯᠭᠠᠭᠤᠷᠢᠲᠤ ᠭᠠᠳᠠᠭᠠᠳᠤ ᠪᠣᠳᠣᠯᠭ᠎ᠠ ᠢᠢᠨ ᠬᠦᠷᠢᠶᠡᠨ ᠳᠥ᠂ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠠᠵᠢᠭᠯᠠᠭᠴᠢ ᠤᠯᠤᠰ ᠤᠨ ᠬᠤᠪᠢ ᠳᠤ ᠲᠤᠰ ᠪᠠᠢᠢᠭᠤᠯᠤᠯᠭ᠎ᠠ ᠢᠢᠨ ᠭᠡᠰᠢᠭᠦᠨ᠂ ᠠᠵᠢᠭᠯᠠᠭᠴᠢ᠂ ᠶᠠᠷᠢᠶ᠎ᠠ ᠬᠡᠯᠡᠯᠴᠡᠭᠡᠨ ᠦ ᠲᠦᠩᠰᠢ ᠣᠷᠣᠨ ᠨᠤᠭᠤᠳ ᠲᠠᠢ ᠬᠣᠶᠠᠷ ᠲᠠᠯ᠎ᠠ ᠳᠤ ᠪᠣᠯᠤᠨ ᠣᠯᠠᠨ ᠲᠠᠯᠠᠲᠤ ᠹᠣᠷᠮᠠᠲ ᠤᠨ ᠬᠦᠷᠢᠶᠡᠨ ᠳᠥ ᠳᠡᠭᠡᠳᠦ᠂ ᠥᠨᠳᠥᠷ ᠲᠦᠪᠰᠢᠨ ᠦ ᠬᠠᠷᠢᠯᠴᠠᠨ ᠠᠢᠢᠯᠴᠢᠯᠠᠯ᠂ ᠶᠠᠷᠢᠶ᠎ᠠ ᠬᠡᠯᠡᠯᠴᠡᠭᠡ ᠢᠢ ᠲᠠᠰᠤᠷᠠᠯᠲᠠ ᠦᠭᠡᠢ ᠬᠢᠵᠦ ᠢᠷᠡᠭᠰᠡᠨ ᠢ ᠬᠡᠯᠡᠪᠡ᠃

ᠴᠢᠨᠠᠭᠰᠢᠳᠠ ᠴᠤ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠣᠷᠣᠯᠴᠠᠭᠴᠢ ᠨᠡᠢᠢᠲᠡ ᠤᠯᠤᠰ ᠣᠷᠣᠨ ᠲᠠᠢ ᠬᠤᠳᠠᠯᠳᠤᠭ᠎ᠠ᠂ ᠬᠥᠷᠥᠩ᠋ᠭᠡ ᠣᠷᠣᠭᠤᠯᠤᠯᠲᠠ᠂ ᠬᠦᠨᠡᠰᠦ᠂ ᠬᠥᠳᠡᠭᠡ ᠠᠵᠤ ᠠᠬᠤᠢ᠂ ᠠᠭᠤᠯᠠ ᠠᠭᠤᠷᠬᠠᠢ᠂ ᠡᠷᠴᠢᠮ ᠬᠦᠴᠦ᠂ ᠠᠵᠤ ᠦᠢᠯᠡᠳᠪᠦᠷᠢᠵᠢᠯᠲᠡ᠂ ᠲᠡᠭᠡᠭᠡᠪᠦᠷᠢ ᠯᠣᠵᠢᠰᠲ᠋ᠢᠭ᠂ ᠪᠣᠭᠣᠮᠲᠠ ᠢᠢᠨ ᠳᠡᠳ᠋ ᠪᠦᠲᠦᠴᠡ᠂ ᠪᠠᠢᠢᠭᠠᠯᠢ ᠣᠷᠴᠢᠨ᠂ ᠨᠣᠭᠣᠭᠠᠨ ᠬᠥᠭ᠍ᠵᠢᠯ᠂ ᠠᠶᠠᠯᠠᠯ ᠵᠢᠭᠤᠯᠴᠢᠯᠠᠯ᠂ ᠮᠡᠳᠡᠭᠡᠯᠡᠯ ᠦᠨ ᠲᠧᠭᠨᠣᠯᠣᠭᠢ ᠪᠣᠯᠤᠨ ᠬᠦᠮᠦᠨᠯᠢᠭ ᠦᠨ ᠰᠠᠯᠪᠤᠷᠢ ᠳᠤ ᠬᠠᠷᠢᠯᠴᠠᠨ ᠠᠰᠢᠭᠲᠠᠢ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠢᠢ ᠵᠣᠷᠢᠵᠤ ᠪᠠᠢᠢᠭ᠎ᠠ ᠢᠢ ᠲᠡᠮᠳᠡᠭᠯᠡᠯ ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠠᠭᠤᠷ ᠠᠮᠢᠰᠬᠤᠯ ᠤᠨ ᠥᠭᠡᠷᠡᠴᠢᠯᠡᠯᠲᠡ᠂ ᠳᠡᠯᠡᠬᠡᠢ ᠢᠢᠨ ᠳᠤᠯᠠᠭᠠᠷᠠᠯ᠂ ᠭᠠᠩ ᠭᠠᠴᠢᠭ᠂ ᠦᠶᠡᠷ ᠤᠰᠤᠨ ᠤ ᠭᠠᠮᠰᠢᠭ ᠨᠢᠭᠤᠷᠯᠠᠵᠤ᠂ ᠪᠠᠢᠢᠭᠠᠯᠢ ᠣᠷᠴᠢᠨ᠂ ᠬᠦᠮᠦᠨ ᠦ ᠨᠡᠢᠢᠭᠡᠮ ᠳᠥ ᠦᠯᠡᠮᠵᠢ ᠬᠡᠮᠵᠢᠶᠡᠨ ᠦ ᠬᠣᠬᠢᠷᠠᠯ ᠲᠣᠬᠢᠶᠠᠵᠤ ᠪᠠᠢᠢᠭ᠎ᠠ ᠢᠢ ᠬᠡᠯᠡᠵᠦ᠂ ᠪᠠᠢᠢᠭᠠᠯᠢ ᠢᠢᠨ ᠭᠠᠮᠰᠢᠭ ᠤᠨ ᠡᠷᠦᠰᠳᠡᠯ ᠢ ᠪᠠᠭᠤᠷᠠᠭᠤᠯᠬᠤ ᠳᠤ ᠴᠢᠭᠯᠡᠭᠰᠡᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠬᠦ ᠳᠥ ᠴᠢᠬᠤᠯᠠ ᠪᠠᠢᠢᠭ᠎ᠠ ᠢᠢ ᠣᠨᠴᠠᠯᠠᠪᠠ᠃

ᠡᠢᠢᠮᠦ ᠳᠥ ᠮᠣᠩ᠋ᠭᠣᠯ ᠤᠯᠤᠰ ᠠᠭᠤᠷ ᠠᠮᠢᠰᠬᠤᠯ ᠤᠨ ᠥᠭᠡᠷᠡᠴᠢᠯᠡᠯᠲᠡ ᠢᠢ ᠰᠠᠭᠠᠷᠠᠭᠤᠯᠬᠤ᠂ ᠳᠡᠯᠡᠬᠡᠢ ᠢᠢᠨ ᠳᠤᠯᠠᠭᠠᠷᠠᠯ᠂ ᠴᠥᠯᠵᠢᠯᠲᠡ᠂ ᠭᠠᠵᠠᠷ ᠤᠨ ᠳᠣᠷᠣᠢᠢᠲᠠᠯ ᠢ ᠪᠠᠭᠤᠷᠠᠭᠤᠯᠤᠨ᠂ ᠬᠦᠯᠡᠮᠵᠢ ᠢᠢᠨ ᠬᠡᠢ ᠢᠢᠨ ᠰᠢᠩ᠋ᠭᠡᠭᠡᠯᠲᠡ᠂ ᠤᠰᠤᠨ ᠤ ᠨᠥᠭᠡᠴᠡ ᠢᠢ ᠨᠡᠮᠡᠭᠳᠡᠭᠦᠯᠬᠦ ᠵᠣᠷᠢᠯᠭ᠎ᠠ ᠪᠠᠷ 《ᠲᠡᠷᠪᠤᠮ ᠮᠣᠳᠣ》᠂ 《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》 ᠵᠡᠷᠭᠡ ᠦᠨᠳᠦᠰᠦᠨ ᠦ ᠬᠥᠳᠡᠯᠭᠡᠭᠡᠨ ᠢ ᠰᠠᠨᠠᠭᠠᠴᠢᠯᠠᠨ ᠠᠮᠵᠢᠯᠲᠠᠲᠠᠢ ᠬᠡᠷᠡᠭᠵᠢᠭᠦᠯᠵᠦ᠂ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠢᠢᠨ ᠴᠥᠯᠵᠢᠯᠲᠡ ᠲᠡᠢ ᠲᠡᠮᠡᠴᠡᠬᠦ ᠻᠣᠨ᠋ᠸᠧᠨ᠋ᠼᠢ ᠢᠢᠨ ᠲᠠᠯ ᠠ ᠨᠤᠭᠤᠳ ᠤᠨ 17 ᠳ᠋ᠤᠭᠠᠷ ᠪᠠᠭ᠎ᠠ ᠬᠤᠷᠠᠯ (COP-17) ᠍ ᠢ 2026 ᠣᠨ ᠳᠤ ᠡᠬᠡ ᠣᠷᠣᠨ ᠳᠠᠭᠠᠨ ᠵᠣᠬᠢᠶᠠᠨ ᠪᠠᠢᠢᠭᠤᠯᠬᠤ ᠪᠠᠷ ᠪᠡᠯᠡᠳᠬᠡᠵᠦ ᠪᠠᠢᠢᠭ᠎ᠠ ᠢᠢ ᠲᠡᠮᠳᠡᠭᠯᠡᠪᠡ᠃

ᠳᠠᠯᠠᠢ ᠳᠤ ᠭᠠᠷᠴᠠ ᠦᠭᠡᠢ ᠤᠯᠤᠰ ᠣᠷᠣᠨ ᠨᠤᠭᠤᠳ ᠲᠤ ᠲᠤᠯᠭᠠᠷᠠᠵᠤ ᠪᠤᠢ ᠨᠡᠢᠢᠲᠡᠯᠢᠭ ᠰᠣᠷᠢᠯᠲᠠ᠂ ᠪᠡᠷᠬᠡᠰᠢᠶᠡᠯ ᠦᠳ ᠢ ᠰᠢᠢᠳᠪᠦᠷᠢᠯᠡᠬᠦ ᠢᠢᠨ ᠲᠤᠯᠠᠳᠠ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠣᠷᠣᠯᠴᠠᠭᠴᠢ ᠣᠷᠣᠨ ᠨᠤᠭᠤᠳ ᠤᠨ ᠬᠠᠷᠢᠯᠴᠠᠨ ᠣᠢᠢᠯᠠᠭᠠᠯᠴᠠᠯ᠂ ᠬᠠᠮᠲᠤ ᠢᠢᠨ ᠠᠵᠢᠯᠯᠠᠭ᠎ᠠ ᠪᠠᠨ᠂ ᠨᠢᠭᠡᠳᠦᠮᠡᠯ ᠪᠠᠢᠢᠷᠢ ᠰᠠᠭᠤᠷᠢ ᠨᠡᠩ ᠴᠢᠬᠤᠯᠠ ᠪᠠᠢᠢᠭ᠎ᠠ ᠢᠢ ᠣᠨᠴᠠᠯᠠᠵᠤ᠂ ᠤᠯᠠᠭᠠᠨᠪᠠᠭᠠᠲᠤᠷ ᠲᠤ ᠲᠥᠪ ᠲᠡᠢ 《ᠳᠠᠯᠠᠢ ᠳᠤ ᠭᠠᠷᠴᠠ ᠦᠭᠡᠢ ᠬᠥᠭ᠍ᠵᠢᠵᠦ ᠪᠤᠢ ᠣᠷᠣᠨ ᠨᠤᠭᠤᠳ ᠤᠨ ᠣᠯᠠᠨ ᠤᠯᠤᠰ ᠤᠨ ᠰᠤᠳᠤᠯᠭᠠᠨ ᠤ ᠲᠥᠪ》 ᠍ ᠲᠡᠢ ᠬᠠᠮᠲᠤᠷᠠᠨ ᠠᠵᠢᠯᠯᠠᠬᠤ ᠢᠢ ᠤᠷᠢᠶᠠᠯᠠᠯ᠎ᠠ᠃

ᠮᠣᠩ᠋ᠭᠣᠯ ᠤᠯᠤᠰ ᠨᠢ ᠠᠽᠢ᠂ ᠧᠦ᠋ᠷᠣᠫᠠ ᠢᠢ ᠬᠣᠯᠪᠣᠭᠰᠠᠨ ᠭᠠᠵᠠᠷ ᠵᠦᠢ ᠢᠢᠨ ᠪᠠᠢᠢᠷᠢᠰᠢᠯ ᠤᠨ ᠣᠨᠴᠠᠯᠢᠭ ᠲᠠᠭᠠᠨ ᠲᠤᠯᠭᠠᠭᠤᠷᠢᠯᠠᠨ ᠬᠤᠳᠠᠯᠳᠤᠭ᠎ᠠ᠂ ᠠᠶᠠᠯᠠᠯ ᠵᠢᠭᠤᠯᠴᠢᠯᠠᠯ᠂ ᠲᠡᠭᠡᠭᠡᠪᠦᠷᠢ ᠯᠣᠵᠢᠰᠲ᠋ᠢᠭ ᠤᠨ ᠰᠦᠯᠵᠢᠶ᠎ᠡ᠂ ᠠᠴᠢᠶ᠎ᠠ ᠲᠡᠭᠡᠭᠡᠪᠦᠷᠢ ᠢᠢᠨ ᠤᠷᠤᠰᠬᠠᠯ᠂ ᠦᠢᠯᠡᠴᠢᠯᠡᠭᠡᠨ ᠦ ᠵᠠᠩ᠋ᠭᠢᠯᠠᠭ᠎ᠠ ᠪᠣᠯᠤᠭᠰᠠᠨ 《ᠲᠷᠠᠨ᠋ᠽᠢᠲ᠋ ᠮᠣᠩ᠋ᠭᠣᠯ》 ᠪᠣᠯᠬᠤ ᠵᠣᠷᠢᠯᠲᠠ ᠳᠡᠪᠰᠢᠭᠦᠯᠦᠨ ᠠᠵᠢᠯᠯᠠᠵᠤ ᠪᠠᠢᠢᠭ᠎ᠠ ᠢᠢ ᠬᠡᠯᠡᠯ᠎ᠡ᠃

ᠡᠨᠡ ᠬᠦᠷᠢᠶᠡᠨ ᠳᠥ ᠣᠷᠣᠰ ᠤᠨ ᠬᠣᠯᠪᠣᠭᠠᠨ ᠤ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠠᠢ ᠰᠠᠢᠢᠨ ᠬᠥᠷᠰᠢ ᠢᠢᠨ ᠥᠷᠭᠡᠨ ᠬᠦᠷᠢᠶ᠎ᠡ ᠲᠡᠢ᠂ ᠬᠠᠷᠢᠯᠴᠠᠨ ᠠᠰᠢᠭᠲᠠᠢ ᠬᠠᠮᠲᠤ ᠢᠢᠨ ᠠᠵᠢᠯᠯᠠᠭ᠎ᠠ ᠪᠠᠨ ᠬᠥᠭ᠍ᠵᠢᠭᠦᠯᠬᠦ ᠳᠥ ᠣᠨᠴᠠᠭᠠᠢ ᠠᠩᠬᠠᠷᠴᠤ᠂ 《ᠮᠣᠩ᠋ᠭᠣᠯ᠂ ᠣᠷᠣᠰ᠂ ᠬᠢᠲᠠᠳ ᠤᠨ ᠡᠳ᠋ ᠦᠨ ᠵᠠᠰᠠᠭ ᠤᠨ ᠻᠣᠷᠢᠳᠣᠷ ᠪᠠᠢᠢᠭᠤᠯᠬᠤ ᠬᠥᠲᠥᠯᠪᠦᠷᠢ》ᠳᠦ ᠲᠤᠰᠠᠭᠰᠠᠨ ᠠᠦ᠋ᠲ᠋ᠣ᠋ ᠵᠠᠮ᠂ ᠲᠡᠮᠦᠷ ᠵᠠᠮ᠂ ᠡᠷᠴᠢᠮ ᠬᠦᠴᠦ᠂ ᠠᠶᠠᠯᠠᠯ ᠵᠢᠭᠤᠯᠴᠢᠯᠠᠯ ᠤᠨ ᠲᠣᠮᠣᠬᠠᠨ ᠲᠥᠰᠥᠯ ᠦᠳ ᠪᠣᠯᠤᠨ ᠮᠣᠩ᠋ᠭᠣᠯ ᠤᠯᠤᠰ ᠤᠨ ᠨᠤᠲᠤᠭ ᠳᠡᠪᠢᠰᠬᠡᠷ ᠢᠶᠡᠷ ᠳᠠᠮᠵᠢᠭᠤᠯᠤᠨ ᠣᠷᠣᠰ ᠤᠨ ᠬᠣᠯᠪᠣᠭᠠᠨ ᠤ ᠤᠯᠤᠰ ᠠᠴᠠ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠷᠤᠭᠤ ᠪᠠᠢᠢᠭᠠᠯᠢ ᠢᠢᠨ ᠬᠡᠢ ᠨᠡᠢᠢᠯᠡᠭᠦᠯᠬᠦ ᠬᠣᠭᠣᠯᠠᠢ ᠢᠢ ᠪᠠᠷᠢᠵᠤ ᠪᠠᠢᠢᠭᠤᠯᠬᠤ ᠲᠥᠰᠥᠯ ᠢ ᠬᠡᠷᠡᠭᠵᠢᠭᠦᠯᠬᠦ ᠳᠥ ᠢᠳᠡᠪᠬᠢᠲᠡᠢ ᠬᠠᠮᠲᠤᠷᠠᠨ ᠠᠵᠢᠯᠯᠠᠵᠤ ᠪᠠᠢᠢᠭ᠎ᠠ ᠢᠢ ᠣᠨᠴᠠᠯᠠᠯ᠎ᠠ᠃

ᠡᠨᠡ ᠤᠳᠠᠭ᠎ᠠ ᠢᠢᠨ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠳᠡᠭᠡᠳᠦ ᠲᠦᠪᠰᠢᠨ ᠦ ᠠᠭᠤᠯᠵᠠᠯᠲᠠ ᠳᠤ ᠣᠷᠣᠰ ᠤᠨ ᠬᠣᠯᠪᠣᠭᠠᠨ ᠤ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ᠂ ᠬᠠᠰᠠᠭ᠂ ᠬᠢᠷᠭᠢᠰ᠂ ᠲᠠᠵᠢᠭ᠂ ᠦᠽᠪᠧᠻᠢᠰᠲ᠋ᠠᠨ᠂ ᠡᠨᠡᠳᠬᠡᠭ᠌᠂ ᠫᠠᠻᠢᠰ᠋ᠲᠠᠨ᠂ ᠢᠷᠡᠨ᠂ ᠪᠸᠯᠠᠷᠥ᠋ᠰ᠂ ᠲᠦᠷᠥᠭ᠂ ᠠᠽᠧᠷᠪᠠᠢᠢᠵᠠᠨ᠂ ᠠᠷᠠᠪ ᠤᠨ ᠨᠢᠭᠡᠳᠦᠭᠰᠡᠨ ᠧᠮᠢᠷᠠᠲᠸ ᠤᠯᠤᠰ᠂ ᠻᠠᠲ᠋ᠠᠷ᠂ ᠲᠦᠷᠥᠭᠮᠸᠨ ᠵᠡᠷᠭᠡ ᠤᠯᠤᠰ ᠤᠨ ᠲᠥᠷᠥ ᠢᠢᠨ ᠲᠡᠷᠢᠭᠦᠨ᠂ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠢᠢᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠠ᠊᠂ ᠭᠥᠲ᠋ᠧᠷᠷᠧᠱ ᠂ ᠠᠽᠢ ᠳᠤ ᠬᠠᠮᠲᠤᠷᠠᠨ ᠠᠵᠢᠯᠯᠠᠬᠤ᠂ ᠢᠲᠡᠭᠡᠯᠴᠡᠯ ᠢ ᠪᠡᠬᠢᠵᠢᠭᠦᠯᠬᠦ ᠪᠠᠭ᠎ᠠ ᠬᠤᠷᠠᠯ᠂ ᠢᠰᠯᠠᠮ ᠤᠨ ᠣᠷᠣᠨ ᠨᠤᠭᠤᠳ ᠤᠨ ᠬᠦᠨᠡᠰᠦᠨ ᠦ ᠠᠶᠤᠯ ᠦᠭᠡᠢ ᠪᠠᠢᠢᠳᠠᠯ ᠤᠨ ᠪᠠᠢᠢᠭᠤᠯᠤᠯᠭ᠎ᠠ᠂ ᠡᠳ᠋ ᠦᠨ ᠵᠠᠰᠠᠭ ᠤᠨ ᠬᠠᠮᠲᠤ ᠢᠢᠨ ᠠᠵᠢᠯᠯᠠᠭ᠎ᠠ᠂ ᠬᠥᠭ᠍ᠵᠢᠯ ᠦᠨ ᠪᠠᠢᠢᠭᠤᠯᠤᠯᠭ᠎ᠠ᠂ ᠲᠤᠰᠠᠭᠠᠷ ᠤᠯᠤᠰ ᠤᠳ ᠤᠨ ᠬᠠᠮᠲᠤ ᠢᠢᠨ ᠨᠥᠬᠥᠷᠯᠡᠯ᠂ ᠬᠠᠮᠲᠤ ᠢᠢᠨ ᠠᠶᠤᠯ ᠦᠭᠡᠢ ᠪᠠᠢᠢᠳᠠᠯ ᠤᠨ ᠭᠡᠷ᠎ᠡ ᠢᠢᠨ ᠪᠠᠢᠢᠭᠤᠯᠤᠯᠭ᠎ᠠ᠂ ᠧᠦ᠋ᠷᠠᠽᠢ ᠢᠢᠨ ᠡᠳ᠋ ᠦᠨ ᠵᠠᠰᠠᠭ ᠤᠨ ᠻᠣᠮᠢᠰᠰ ᠵᠡᠷᠭᠡ ᠣᠯᠠᠨ ᠤᠯᠤᠰ ᠤᠨ ᠪᠠᠢᠢᠭᠤᠯᠤᠯᠭ᠎ᠠ ᠢᠢᠨ ᠲᠥᠯᠥᠭᠡᠯᠡᠭᠴᠢᠳ ᠣᠷᠣᠯᠴᠠᠯ᠎ᠠ᠃