ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 《ᠫᠠᠷᠢᠰ-2024》 ᠣᠯᠢᠮᠫ᠂ ᠫᠠᠷᠠᠯᠢᠮᠫ ᠤᠨ ᠲᠠᠮᠢᠷᠴᠢᠳ ᠢᠶᠠᠨ ᠦᠳᠡᠵᠦ᠂ ᠲᠥᠷᠥ ᠢᠢᠨ ᠳᠠᠯᠪᠠᠭ᠎ᠠ ᠭᠠᠷᠳᠠᠭᠤᠯᠤᠯ᠎ᠠ᠃
ᠲᠡᠷᠡ ᠪᠡᠷ᠂ ᠮᠣᠩ᠋ᠭᠣᠯ ᠤᠯᠤᠰ ᠬᠦᠮᠦᠨ ᠲᠥᠷᠥᠯᠬᠢᠲᠡᠨ ᠦ ᠡᠪ ᠰᠠᠨᠠᠭᠠᠨ ᠤ ᠨᠢᠭᠡᠳᠦᠯ ᠦᠨ ᠢᠯᠡᠷᠬᠡᠢᠢᠯᠡᠯ ᠪᠣᠯᠤᠭᠰᠠᠨ ᠣᠯᠢᠮᠫ ᠤᠨ ᠨᠠᠭᠠᠳᠤᠮ ᠳᠤ ᠲᠣᠭᠲᠠᠮᠠᠯ ᠣᠷᠣᠯᠴᠠᠵᠤ᠂ ᠵᠤᠨ ᠤ ᠣᠯᠢᠮᠫ ᠤᠨ ᠨᠠᠭᠠᠳᠤᠮ ᠠᠴᠠ 30᠂ ᠫᠠᠷᠠᠯᠢᠮᠫ ᠤᠨ ᠨᠠᠭᠠᠳᠤᠮ ᠠᠴᠠ 4 ᠮᠧᠳᠠᠯᠢ ᠬᠦᠷᠲᠡᠭᠰᠡᠨ ᠣᠯᠢᠮᠫ ᠤᠨ ᠠᠮᠵᠢᠯᠲᠠ ᠢᠢᠨ ᠲᠡᠦᠬᠡ ᠲᠡᠢ ᠢᠢ ᠳᠤᠷᠠᠳᠤᠯ᠎ᠠ᠃
ᠮᠣᠩ᠋ᠭᠣᠯ ᠤᠯᠤᠰ ᠤᠨ ᠦᠨᠳᠦᠰᠦᠨ ᠦ ᠰᠢᠭᠰᠢᠭᠡ ᠪᠠᠭ ᠡᠨᠡᠬᠦ ᠠᠮᠵᠢᠯᠲᠠ ᠢᠢᠨ ᠪᠤᠤᠬᠢᠶ ᠠ ᠢᠢ ᠦᠷᠭᠦᠯᠵᠢᠯᠡᠭᠦᠯᠬᠦ ᠪᠡᠷ 《ᠫᠠᠷᠢᠰ-2024》 ᠵᠤᠨ ᠤ ᠭᠤᠴᠢᠨ ᠭᠤᠷᠪᠠ ᠳᠠᠬᠢ ᠤᠳᠠᠭ᠎ᠠ ᠢᠢᠨ ᠣᠯᠢᠮᠫ᠂ ᠠᠷᠪᠠᠨ ᠳᠣᠯᠣᠭ᠎ᠠ ᠳᠠᠬᠢ ᠤᠳᠠᠭ᠎ᠠ ᠢᠢᠨ ᠫᠠᠷᠠᠯᠢᠮᠫ ᠤᠨ ᠨᠠᠭᠠᠳᠤᠮ ᠳᠤ ᠤᠷᠤᠯᠴᠠᠬᠤ ᠪᠡᠯᠡᠳᠬᠡᠯ ᠢᠶᠡᠨ ᠬᠠᠩ᠋ᠭᠠᠵᠤ᠂ ᠵᠤᠨ ᠤ ᠣᠯᠢᠮᠫ ᠤᠨ ᠨᠠᠭᠠᠳᠤᠮ ᠤᠨ ᠪᠠᠢᠢᠲᠤ ᠬᠠᠷᠪᠤᠭ᠎ᠠ᠂ ᠤᠰᠤᠨ ᠳᠤ ᠰᠡᠯᠢᠯᠲᠡ᠂ ᠵᠦ᠋ᠳᠣ᠋᠂ ᠪᠣᠻᠰ᠂ ᠴᠢᠯᠦᠭᠡᠲᠦ ᠪᠥᠬᠡ᠂ ᠳᠤᠭᠤᠢ᠂ ᠪᠤᠤᠳᠠᠯᠭ᠎ᠠ᠂ ᠬᠥᠩ᠋ᠭᠡᠨ ᠠᠲ᠋ᠯᠧᠲ᠋ᠢᠭ᠋᠂ ᠬᠦᠨᠳᠦ ᠢᠢᠨ ᠡᠷᠭᠦᠯᠲᠡ ᠵᠡᠷᠭᠡ 9 ᠲᠥᠷᠥᠯ ᠳᠥ 34᠂ ᠫᠠᠷᠠᠯᠢᠮᠫ ᠤᠨ ᠨᠠᠭᠠᠳᠤᠮ ᠤᠨ ᠫᠠᠷᠠ ᠫᠠᠦ᠋ᠸᠷᠯᠢᠹᠲ᠋ᠢᠩ᠂ ᠫᠠᠷᠠ ᠪᠠᠢᠢᠲᠤ ᠬᠠᠷᠪᠤᠭ᠎ᠠ᠂ ᠫᠠᠷᠠ ᠲᠠᠸᠻᠸᠣᠨ᠋ᠳᠣ᠂ ᠫᠠᠷᠠ ᠤᠰᠤᠨ ᠳᠤ ᠰᠡᠯᠢᠯᠲᠡ᠂ ᠫᠠᠷᠠ ᠵᠦ᠋ᠳᠣ᠋᠂ ᠫᠠᠷᠠ ᠬᠥᠩ᠋ᠭᠡᠨ ᠠᠲ᠋ᠯᠧᠲ᠋ᠢᠭ᠋ ᠵᠡᠷᠭᠡ 6 ᠲᠥᠷᠥᠯ ᠳᠥ 10 ᠡᠷᠬᠡ᠂ ᠨᠡᠢᠢᠲᠡ 44 ᠡᠷᠬᠡ ᠢᠢ ᠪᠠᠲᠤᠯᠠᠭᠠᠵᠢᠭᠤᠯᠤᠭᠠᠳ ᠪᠠᠢᠢᠭ᠎ᠠ ᠢᠢ ᠲᠣᠳᠣᠳᠬᠠᠪᠠ᠃
《ᠫᠠᠷᠢᠰ 2024》 ᠵᠤᠨ ᠤ ᠣᠯᠢᠮᠫ᠂ ᠫᠠᠷᠠᠯᠢᠮᠫ ᠤᠨ ᠨᠠᠭᠠᠳᠤᠮ ᠤᠨ ᠮᠥᠴᠡᠯᠭᠡ ᠳᠥ ᠦᠨᠳᠦᠰᠦᠨ ᠦ ᠰᠢᠭᠰᠢᠭᠡ ᠪᠠᠭ ᠤᠨ ᠲᠠᠮᠢᠷᠴᠢᠳ ᠢ ᠪᠣᠳᠣᠯᠭ᠎ᠠ ᠢᠢᠨ ᠲᠦᠪᠰᠢᠨ ᠳᠥ ᠰᠢᠨᠵᠢᠯᠡᠬᠦ ᠤᠬᠠᠭᠠᠨ ᠤ ᠦᠨᠳᠦᠰᠦᠯᠡᠯ ᠲᠡᠢ ᠪᠡᠯᠡᠳᠬᠡᠬᠦ᠂ ᠡᠷᠡᠭᠦᠯ ᠮᠡᠨᠳᠦ ᠢᠢᠨ ᠲᠤᠰᠠᠯᠠᠮᠵᠢ ᠦᠢᠯᠡᠴᠢᠯᠡᠭᠡ ᠢᠢ ᠬᠦᠷᠲᠡᠭᠡᠮᠵᠢᠲᠡᠢ ᠪᠣᠯᠭᠠᠬᠤ᠂ ᠰᠫᠣᠷᠲ ᠤᠨ ᠰᠡᠳᠬᠢᠯ ᠵᠦᠢ ᠢᠢᠨ ᠴᠢᠳᠠᠮᠵᠢ ᠢᠢ ᠰᠠᠢᠢᠵᠢᠷᠠᠭᠤᠯᠬᠤ᠂ ᠬᠣᠭᠣᠯᠠ᠂ ᠰᠢᠮ᠎ᠡ ᠲᠡᠵᠢᠭᠡᠯ ᠢ ᠲᠤᠬᠠᠢ ᠢᠢᠨ ᠰᠫᠣᠷᠲ ᠤᠨ ᠣᠨᠴᠠᠯᠢᠭ ᠲᠤ ᠲᠣᠬᠢᠷᠠᠭᠤᠯᠤᠨ ᠬᠡᠷᠡᠭᠯᠡᠬᠦ ᠴᠢᠭᠯᠡᠯ ᠢᠶᠡᠷ ᠮᠡᠷᠭᠡᠵᠢᠯ ᠦᠨ ᠠᠷᠭ᠎ᠠ ᠵᠦᠢ ᠪᠡᠷ ᠬᠠᠩ᠋ᠭᠠᠨ ᠠᠵᠢᠯᠯᠠᠬᠤ 4 ᠲᠥᠷᠥᠯ ᠦᠨ ᠳᠡᠮᠵᠢᠬᠦ ᠪᠠᠭ ᠢ ᠰᠡᠭᠦᠯ ᠦᠨ 2 ᠵᠢᠯ ᠦᠨ ᠬᠤᠭᠤᠴᠠᠭᠠᠨ ᠳᠤ ᠲᠠᠰᠤᠷᠠᠯᠲᠠ ᠦᠭᠡᠢ ᠠᠵᠢᠯᠯᠠᠭᠤᠯᠤᠭᠰᠠᠨ ᠢ ᠬᠡᠯᠡᠯ᠎ᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 《ᠫᠠᠷᠢᠰ 2024》 ᠣᠯᠢᠮᠫ᠂ ᠫᠠᠷᠠᠯᠢᠮ ᠲᠤ ᠣᠷᠣᠯᠴᠠᠬᠤ ᠳᠤ ᠪᠡᠯᠡᠨ ᠪᠣᠯᠤᠭᠰᠠᠨ ᠨᠡᠢᠢᠲᠡ ᠪᠠᠭ ᠲᠠᠮᠢᠷᠴᠢᠳ ᠲᠤ ᠣᠯᠢᠮᠫ ᠤᠨ ᠥᠨᠳᠥᠷ ᠠᠮᠵᠢᠯᠲᠠ ᠬᠦᠰᠡᠵᠦ᠂ ᠫᠠᠷᠢᠰ ᠤᠨ ᠲᠩᠷᠢ ᠳᠥ ᠠᠯᠲᠠᠨ ᠰᠣᠶᠣᠩᠪᠣᠳᠤ ᠲᠥᠷᠥ ᠢᠢᠨ ᠳᠠᠯᠪᠠᠭ᠎ᠠ ᠪᠠᠨ ᠣᠯᠠᠨᠲᠠ ᠮᠠᠨᠳᠤᠭᠤᠯᠵᠤ᠂ ᠲᠥᠷᠥ ᠢᠢᠨ ᠳᠠᠭᠤᠯᠠᠯ ᠢᠶᠠᠨ ᠳᠠᠬᠢᠨ᠂ ᠳᠠᠬᠢᠨ ᠡᠭᠡᠰᠢᠭᠯᠡᠭᠦᠯᠬᠦ ᠢᠢᠨ ᠢᠷᠦᠭᠡᠯ ᠢ ᠡᠷᠭᠦᠨ ᠳᠡᠪᠰᠢᠭᠦᠯᠦᠯ᠎ᠡ᠃