Та "Internet explorer"-ийн сүүлийн хувилбар болох "Microsoft edge"-г ашиглана уу

Хэрэв "Microsoft edge"-г татах бол энд дарж татаж авна уу

ᠭᠠᠪᠢᠶᠠᠲᠤ ᠲᠠᠮᠢᠷᠴᠢᠨ ᠴᠢ᠊᠂ ᠳᠠᠮᠳᠢᠨᠰᠢᠷᠠᠪ᠂ ᠡᠷᠡᠭᠦᠯ ᠢ ᠬᠠᠮᠠᠭᠠᠯᠠᠬᠤ ᠢᠢᠨ ᠭᠠᠪᠢᠶᠠᠲᠤ ᠠᠵᠢᠯᠲᠠᠨ ᠳᠤ᠊᠂ ᠮᠥᠩᠬᠡ ᠨᠠᠷ ᠲᠤ ᠬᠥᠳᠡᠯᠮᠦᠷᠢ ᠢᠢᠨ ᠪᠠᠭᠠᠲᠤᠷ ᠴᠣᠯᠠ ᠬᠦᠷᠲᠡᠭᠡᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠤᠯᠭᠤᠷ ᠲᠥᠷᠥ ᠢᠢᠨ 2233᠂ ᠶᠡᠬᠡ ᠮᠣᠩ᠋ᠭᠣᠯ ᠤᠯᠤᠰ ᠪᠠᠢᠢᠭᠤᠯᠤᠭᠳᠠᠭᠰᠡᠨ ᠤ 818᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 113᠂ ᠠᠷᠠᠳ ᠤᠨ ᠬᠤᠪᠢᠰᠬᠠᠯ ᠤᠨ 103 ᠵᠢᠯ ᠦᠨ ᠣᠢ ᠢᠢ ᠲᠣᠬᠢᠶᠠᠯᠳᠤᠭᠤᠯᠤᠨ ᠵᠠᠷᠯᠢᠭ ᠭᠠᠷᠭᠠᠵᠤ᠂ ᠨᠡᠷ᠎ᠡ ᠪᠦᠬᠦᠢ ᠡᠷᠬᠢᠮ ᠦᠳ ᠲᠥ ᠲᠥᠷᠥ ᠢᠢᠨ ᠳᠡᠭᠡᠳᠦ ᠴᠣᠯᠠ᠂ ᠣᠳᠣᠨ᠂ ᠮᠧᠳᠠᠯᠢ ᠬᠦᠷᠲᠡᠭᠡᠯ ᠡ᠃

• ᠡᠬᠡ ᠣᠷᠣᠨ ᠤ ᠪᠠᠨ ᠨᠡᠷ᠎ᠡ ᠢᠢ ᠥᠨᠳᠥᠷ ᠲᠥ ᠡᠷᠭᠦᠵᠦ᠂ ᠪᠥᠬᠡ ᠢᠢᠨ ᠰᠫᠣᠷᠲ ᠢ ᠰᠢᠨ᠎ᠡ ᠲᠦᠪᠰᠢᠨ ᠳᠥ ᠭᠠᠷᠭᠠᠨ ᠣᠯᠠᠨ ᠠᠷᠪᠠᠨ ᠰᠢᠯᠢᠳᠡᠭ ᠲᠠᠮᠢᠷᠴᠢᠨ᠂ ᠳᠠᠰᠬᠠᠯᠵᠢᠭᠤᠯᠤᠭᠴᠢ ᠪᠡᠯᠡᠳᠬᠡᠨ ᠮᠣᠩ᠋ᠭᠣᠯ ᠤᠯᠤᠰ ᠲᠤ ᠪᠥᠬᠡ ᠢᠢᠨ ᠰᠫᠣᠷᠲ ᠢ ᠬᠥᠭ᠍ᠵᠢᠭᠦᠯᠬᠦ ᠳᠥ ᠵᠢᠩᠲᠡᠢ ᠬᠤᠪᠢ ᠨᠡᠮᠡᠷᠢ ᠣᠷᠣᠭᠤᠯᠤᠭᠰᠠᠨ 《ᠬᠠᠩ᠋ᠭᠠᠢ ᠢᠢᠨ ᠬᠦᠴᠦᠲᠡᠨ》 ᠳᠡᠪᠵᠢᠶᠡᠨ ᠦ ᠵᠥᠪᠯᠡᠬᠦ ᠳᠠᠰᠬᠠᠯᠵᠢᠭᠤᠯᠤᠭᠴᠢ᠂ ᠠᠷᠠᠳ ᠤᠨ ᠪᠠᠭᠰᠢ᠂ ᠭᠠᠪᠢᠶᠠᠲᠤ ᠲᠠᠮᠢᠷᠴᠢᠨ ᠴᠢᠮᠢᠳᠪᠠᠵᠠᠷ ᠤᠨ ᠳᠠᠮᠳᠢᠨᠰᠢᠷᠠᠪ᠂

• ᠨᠡᠢᠢᠭᠡᠮ ᠤᠨ ᠬᠥᠭ᠍ᠵᠢᠯ ᠳᠥ ᠡᠮᠡᠭᠲᠡᠢᠢᠴᠦᠳ ᠦᠨ ᠣᠷᠣᠯᠴᠠᠭ᠎ᠠ ᠢᠢ ᠨᠡᠮᠡᠭᠳᠡᠭᠦᠯᠵᠦ᠂ ᠭᠡᠷ ᠪᠦᠯᠢ ᠢᠢᠨ ᠦᠨ᠎ᠡ ᠴᠡᠨ᠎ᠡ᠂ ᠡᠮᠡᠭᠲᠡᠢᠢᠴᠦᠳ ᠦᠨ ᠡᠷᠬᠡ ᠠᠰᠢᠭ ᠢ ᠬᠠᠮᠠᠭᠠᠯᠠᠬᠤ ᠬᠦᠮᠦᠨᠯᠢᠭ ᠦᠨ ᠣᠯᠠᠨ ᠲᠠᠯᠠᠲᠤ ᠦᠢᠯᠡ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ᠂ ᠡᠷᠬᠡ ᠵᠦᠢ ᠢᠢᠨ ᠲᠣᠭᠲᠠᠯᠴᠠᠭ᠎ᠠ ᠢᠢ ᠨᠢ ᠪᠡᠬᠢᠵᠢᠭᠦᠯᠬᠦ ᠳᠥ ᠣᠷᠣᠭᠤᠯᠤᠭᠰᠠᠨ ᠪᠣᠳᠠᠲᠤ ᠬᠤᠪᠢ ᠨᠡᠮᠡᠷᠢ ᠢᠢ ᠨᠢ ᠦᠨᠡᠯᠡᠨ ᠮᠣᠩ᠋ᠭᠣᠯ ᠤᠨ ᠡᠮᠡᠭᠲᠡᠢᠢᠴᠦᠳ ᠦᠨ ᠬᠣᠯᠪᠣᠭᠠᠨ ᠤ ᠬᠦᠨᠳᠦᠲᠦ ᠶᠡᠷᠦᠩᠬᠡᠢᠢᠯᠡᠭᠴᠢ᠂ ᠡᠷᠡᠭᠦᠯ ᠢ ᠬᠠᠮᠠᠭᠠᠯᠠᠬᠤ ᠢᠢᠨ ᠭᠠᠪᠢᠶᠠᠲᠤ ᠠᠵᠢᠯᠲᠠᠨ ᠳᠣᠷᠵᠢ ᠢᠢᠨ ᠮᠥᠩᠬᠡ ᠨᠠᠷ ᠲᠤ ᠮᠣᠩ᠋ᠭᠣᠯ ᠤᠯᠤᠰ ᠤᠨ ᠬᠥᠳᠡᠯᠮᠦᠷᠢ ᠢᠢᠨ ᠪᠠᠭᠠᠲᠤᠷ ᠴᠣᠯᠠ ᠬᠦᠷᠲᠡᠭᠡᠵᠦ᠂ 《ᠠᠯᠲᠠᠨ ᠰᠣᠶᠣᠩᠪᠣ》 ᠲᠡᠮᠳᠡᠭ᠂ ᠰᠦᠬᠡᠪᠠᠭᠠᠲᠤᠷ ᠤᠨ ᠣᠳᠣᠨ ᠢᠶᠠᠷ ᠱᠠᠩᠨᠠᠯ᠎ᠠ᠃

ᠠᠷᠠᠳ ᠤᠨ ᠵᠥᠵᠥᠭᠡᠴᠢᠨ ᠴᠤᠯᠠ ᠢᠢ᠄

• ᠠᠵᠢᠯ ᠮᠡᠷᠭᠡᠵᠢᠯ᠂ ᠠᠪᠢᠶᠠᠰ ᠪᠢᠯᠢᠭ᠌᠂ ᠤᠷ᠎ᠠ ᠴᠢᠳᠠᠪᠤᠷᠢ᠂ ᠠᠮᠵᠢᠯᠲᠠ ᠪᠦᠲᠦᠭᠡᠯ ᠢᠶᠡᠷ ᠢᠶᠡᠨ ᠠᠷᠠᠳ ᠣᠯᠠᠨ ᠳᠠᠭᠠᠨ ᠬᠦᠨᠳᠦᠯᠡᠭᠳᠡᠨ᠂ ᠣᠯᠠᠨ ᠠᠷᠪᠠᠨ ᠬᠥᠭ᠍ᠵᠢᠮ ᠦᠨ ᠮᠡᠷᠭᠡᠵᠢᠯᠲᠡᠨ ᠪᠡᠯᠡᠳᠬᠡᠵᠦ᠂ ᠰᠤᠶᠤᠯ᠂ ᠤᠷᠠᠯᠢᠭ ᠤᠨ ᠰᠠᠯᠪᠤᠷᠢ ᠢᠢᠨ ᠬᠥᠭ᠍ᠵᠢᠯ ᠳᠥ ᠵᠢᠩᠲᠡᠢ ᠬᠤᠪᠢ ᠨᠡᠮᠡᠷᠢ ᠣᠷᠣᠭᠤᠯᠤᠭᠰᠠᠨ ᠬᠥᠭ᠍ᠵᠢᠮ ᠦᠨ ᠵᠣᠬᠢᠶᠠᠯᠴᠢ᠂ ᠤᠳᠤᠷᠢᠳᠤᠭᠠᠴᠢ᠂ ᠤᠷᠠᠯᠢᠭ ᠤᠨ ᠭᠠᠪᠢᠶᠠᠲᠤ ᠵᠢᠳᠬᠦᠯᠲᠡᠨ ᠱᠠᠭᠵᠠ ᠢᠢᠨ ᠭᠤᠩ-ᠠᠵᠠᠪ ᠲᠤ ᠬᠦᠷᠲᠡᠭᠡᠪᠡ᠃

ᠭᠠᠪᠢᠶᠠᠲᠤ ᠡᠳ ‍ᠥᠨ ᠵᠠᠰᠠᠭᠴᠢ ᠴᠤᠯᠠ ᠪᠠᠷ᠄

• ᠲᠥᠷᠥ᠂ ᠵᠠᠬᠢᠷᠭᠠᠨ ᠤ ᠠᠬᠠᠮᠠᠳ ᠠᠵᠢᠯᠲᠠᠨ ᠴᠣᠢᠢᠵᠣᠨᠵᠠᠪ ᠤᠨ ᠰᠤᠮᠤᠬᠦ᠋ᠦ᠂

• ᠮᠣᠩ᠋ᠭᠣᠯ ᠤᠨ ᠠᠬᠠᠮᠠᠳ ᠤᠨ ᠬᠣᠯᠪᠣᠭᠠᠨ ᠤ ᠲᠡᠷᠢᠭᠦᠨ ᠴᠡᠩᠳᠥ ᠢᠢᠨ ᠰᠦᠬᠡᠪᠠᠭᠠᠲᠤᠷ᠂

• 《ᠠᠷᠢᠭ》 ᠪᠠᠩᠻᠢᠨ ᠤ ᠭᠦᠢᠴᠡᠳᠭᠡᠬᠦ ᠵᠠᠬᠢᠷᠤᠯ ᠣᠰᠣᠷᠳᠡᠯᠡᠭ ‍ᠥᠨ ᠬᠦᠷᠡᠯᠪᠠᠭᠠᠲᠤᠷ᠂

ᠭᠠᠪᠢᠶᠠᠲᠤ ᠬᠠᠤᠯᠢᠴᠢ ᠴᠤᠯᠠ ᠪᠠᠷ᠄

• ᠮᠣᠩ᠋ᠭᠣᠯ ᠤᠨ ᠨᠤᠲ᠋ᠠᠷᠢᠶᠠᠲ᠋ᠴᠢᠳ ᠤᠨ ᠲᠠᠩᠬᠢᠮ ᠤᠨ ᠭᠡᠰᠢᠭᠦᠨ᠂ ᠨᠤᠲ᠋ᠷᠢᠶᠠᠲ᠋ᠴᠢ ᠷᠢᠨᠴᠡᠨ ᠤ ᠤᠷᠠᠨᠪᠢᠯᠢᠭ᠌᠂

ᠭᠠᠪᠢᠶᠠᠲᠤ ᠪᠠᠭᠰᠢ ᠴᠤᠯᠠ ᠪᠠᠷ᠄

• ᠲᠧᠭᠨᠢᠭ ᠦᠨ ᠰᠢᠨᠵᠢᠯᠡᠬᠦ ᠤᠬᠠᠭᠠᠨ ᠤ ᠳ᠋ᠣᠻᠲ᠋ᠣᠷ᠂ ᠫᠷᠣᠹᠧᠰᠰᠣᠷ ᠭᠦᠷᠦᠷᠠᠭᠴᠠ ᠢᠢᠨ ᡀᠠᠭᠪᠠ᠂

ᠠᠵᠤ ᠥᠢᠯᠡᠳᠪᠥᠷᠢ ᠢᠢᠨ ᠭᠠᠪᠢᠶᠠᠲᠤ ᠠᠵᠢᠯᠲᠠᠨ ᠴᠤᠯᠠ ᠪᠠᠷ᠄

• 《ᠴᠠᠬᠢᠯᠭᠠᠨ ᠳᠠᠮᠵᠢᠭᠤᠯᠬᠤ ᠦᠨᠳᠦᠰᠦᠨ ᠦ ᠰᠦᠯᠵᠢᠶ᠎ᠡ》 ᠲᠥᠷᠥ ᠢᠢᠨ ᠥᠮᠴᠢ ᠢᠢᠨ ᠬᠤᠪᠢᠴᠠᠭᠠᠲᠤ ᠻᠣᠮᠫᠠᠨᠢ ᠢᠢᠨ ᠲᠥᠪ ᠦᠨ ᠪᠥᠰᠡ ᠢᠢᠨ ᠰᠠᠯᠪᠤᠷᠢ ᠢᠢᠨ ᠵᠥᠪᠯᠡᠬᠦ ᠮᠡᠷᠭᠡᠵᠢᠯᠲᠡᠨ ᠶᠤᠨᠳᠠᠨ ᠤ ᠳᠣᠩᠳᠣᠭ᠂

ᠪᠠᠢᠢᠭᠠᠯᠢ ᠤᠷᠴᠢᠨ ᠤ ᠭᠠᠪᠢᠶᠠᠲᠤ ᠠᠵᠢᠯᠲᠠᠨ ᠴᠤᠯᠠ ᠪᠠᠷ᠄

• 《ᠣᠢ ᠢᠢᠨ ᠪᠠᠶᠠᠰᠬᠤ》 ᠬᠢ᠊᠂ ᠬᠤ᠊᠂ ᠻᠥ᠂ ᠢᠢᠨ ᠣᠢ ᠢᠢᠨ ᠢᠨ᠋ᠵᠧᠨᠧᠷ ᠪᠠᠨᠵᠠᠷᠠᠭᠴᠠ ᠢᠢᠨ ᠡᠷᠳᠡᠨᠢᠴᠢᠮᠡᠭ᠂

ᠬᠥᠮᠥᠨ ‍ᠥ ᠭᠠᠪᠢᠶᠠᠲᠤ ᠡᠮᠴᠢ ᠴᠤᠯᠠ ᠪᠠᠷ᠄

• 《᠍᠌ᠭᠷᠠᠨ᠋ᠳ᠋ᠮᠧᠳ᠋》 ᠡᠮᠨᠡᠯᠭᠡ ᠢᠢᠨ ᠳᠣᠲᠣᠷ᠎ᠠ᠂ ᠵᠢᠷᠦᠬᠡ ᠰᠤᠳᠠᠰᠤᠨ ᠤ ᠵᠦᠪᠯᠡᠬᠦ ᠡᠮᠴᠢ ᠭᠡᠩᠳᠥᠨᠵᠠᠪ ᠤᠨ ᠴᠣᠭᠲᠤᠬᠤᠶᠠᠭ᠂

ᠭᠠᠪᠢᠶᠠᠲᠤ ᠪᠠᠷᠢᠯᠭᠠᠴᠢᠨ ᠴᠤᠯᠠ ᠪᠠᠷ᠄

• ᠮᠣᠩ᠋ᠭᠣᠯ ᠤᠨ ᠪᠠᠷᠢᠯᠭ᠎ᠠ ᠢᠢᠨ ᠦᠨᠳᠦᠰᠦᠨ ᠦ ᠠᠰᠰᠣᠼᠢᠶᠠᠼᠢ ᠢᠢᠨ ᠲᠡᠷᠢᠭᠦᠨ ᠨᠢᠮᠠᠷᠠᠭᠴᠠ ᠢᠢᠨ ᠪᠠᠶᠠᠷᠰᠠᠢᠢᠬᠠᠨ᠂

ᠭᠠᠪᠢᠶᠠᠲᠤ ᠠᠭᠤᠷᠬᠠᠢᠢᠴᠢᠨ ᠴᠤᠯᠠ ᠪᠠᠷ᠄

• 《ᠡᠷᠳᠡᠨᠢᠰ-ᠲᠠᠪᠤᠨ ᠲᠣᠯᠣᠭᠠᠢ》 ᠬᠤᠪᠢᠴᠠᠭᠠᠲᠤ ᠻᠣᠮᠫᠠᠨᠢ ᠢᠢᠨ ᠠᠭᠤᠯᠠ ᠢᠢᠨ ᠠᠰᠢᠭᠯᠠᠯᠲᠠ ᠢᠢᠨ ᠢᠨ᠋ᠵᠧᠨᠧᠷ ᠷᠢᠨᠴᠡᠨ ᠤ ᠨᠠᠴᠤᠭᠳᠠᠰᠢ᠂

ᠭᠠᠪᠢᠶᠠᠲᠤ ᠳᠠᠰᠬᠠᠯᠵᠢᠭᠤᠯᠤᠭᠴᠢ ᠴᠤᠯᠠ ᠪᠠᠷ᠄

• ᠮᠣᠩ᠋ᠭᠣᠯ ᠤᠨ ᠣᠶᠤᠲᠠᠨ ᠤ ᠰᠫᠣᠷᠲ ᠤᠨ ᠬᠣᠯᠪᠣᠭᠠᠨ ᠤ ᠭᠦᠢᠴᠡᠳᠭᠡᠬᠦ ᠵᠠᠬᠢᠷᠤᠯ᠂ ᠳᠠᠰᠬᠠᠯᠵᠢᠭᠤᠯᠤᠭᠴᠢ ᠴᠣᠢᠢᠵᠢᠬᠦ᠋ᠦ ᠢᠢᠨ ᠡᠷᠳᠡᠨᠢᠲᠤᠶᠠᠭ᠎ᠠ᠂

ᠬᠤᠳᠠᠯᠳᠤᠭᠠᠨ ᠤ ᠭᠠᠪᠢᠶᠠᠲᠤ ᠠᠵᠢᠯᠲᠠᠨ ᠴᠤᠯᠠ ᠪᠠᠷ᠄

• 《ᠮ᠊ ᠰᠢ ᠧᠰ ᠾᠣᠯᠳᠢᠩ》ᠬᠢ᠊᠂ ᠬᠤ᠊᠂ ᠻᠥ᠂ ᠢᠢᠨ ᠭᠦᠢᠴᠡᠳᠭᠡᠬᠦ ᠵᠠᠬᠢᠷᠤᠯ ᠯᠢᠩ᠋ᠭᠤᠸ ᠤᠨ ᠭᠠᠩᠲᠡᠮᠦᠷ᠂

ᠭᠠᠪᠢᠶᠠᠲᠤ ᠵᠥᠵᠥᠭᠡᠴᠢᠨ ᠴᠤᠯᠠ ᠪᠠᠷ᠄

• 《ᠽᠣᠯᠠ ᠪᠷᠣᠰ》 ᠼᠢᠷᠻ ᠦᠨ ᠡᠭᠦᠰᠬᠡᠨ ᠪᠠᠢᠢᠭᠤᠯᠤᠭᠴᠢ᠂ ᠵᠦᠵᠦᠭᠡᠴᠢᠨ ᠪᠠᠲᠤ ᠢᠢᠨ ᠵᠣᠯᠪᠠᠶᠠᠷ᠂

ᠭᠠᠪᠢᠶᠠᠲᠤ ᠲᠠᠮᠢᠷᠴᠢᠨ ᠴᠤᠯᠠ ᠪᠠᠷ᠄

• ᠵᠢᠥ᠋ ᠵᠢᠼᠥ᠋᠂ ᠫᠠᠦ᠋ᠡᠷᠯᠢᠹᠲ᠋ᠢᠩ ᠦᠨ ᠲᠠᠮᠢᠷᠴᠢᠨ᠂ ᠳᠡᠯᠡᠬᠡᠢ ᠢᠢᠨ ᠬᠣᠱᠣᠢ ᠠᠪᠤᠷᠭᠤ ᠪᠠᠲᠤ ᠢᠢᠨ ᠪᠠᠲᠤᠴᠡᠩ᠋ᠭᠡᠯ᠂

ᠭᠠᠪᠢᠶᠠᠲᠤ ᠲᠡᠭᠡᠭᠡᠪᠥᠷᠢᠴᠢᠨ ᠴᠤᠯᠠ ᠪᠠᠷ᠄

• ᠤᠯᠠᠭᠠᠨᠪᠠᠭᠠᠲᠤᠷ ᠲᠡᠮᠦᠷ ᠵᠠᠮ ᠤᠨ ᠲᠥᠰᠥᠯ ᠬᠡᠷᠡᠭᠵᠢᠭᠦᠯᠬᠦ ᠨᠢᠭᠡᠴᠡ ᠢᠢᠨ ᠵᠠᠮ ᠤᠨ ᠮᠠᠰᠲ᠋ᠸᠷ ᠡ᠊ᠩᠬᠡᠲᠠᠢᠢᠪᠤᠩ ᠤᠨ ᠨᠡᠷᠡᠭᠥᠢ ᠨᠠᠷ ᠢ ᠱᠠᠩᠨᠠᠯ ᠠ᠃

ᠮᠥᠨ ᠡᠷᠬᠢᠯᠡᠭᠰᠡᠨ ᠠᠵᠢᠯ᠂ ᠰᠠᠯᠪᠤᠷᠢ ᠳᠠᠭᠠᠨ ᠣᠯᠠᠨ ᠵᠢᠯ ᠦᠷ᠎ᠡ ᠪᠦᠲᠦᠭᠡᠯ ᠲᠡᠢ ᠠᠵᠢᠯᠯᠠᠵᠤ ᠣᠨᠴᠠᠭᠠᠢ ᠠᠮᠵᠢᠯᠲᠠ ᠭᠠᠷᠭᠠᠨ᠂ ᠡᠬᠡ ᠣᠷᠣᠨ ᠤ ᠪᠠᠨ ᠬᠥᠭ᠍ᠵᠢᠯ ᠳᠡᠪᠰᠢᠯ ᠳᠥ ᠦᠨᠡᠲᠡᠢ ᠬᠤᠪᠢ ᠨᠡᠮᠡᠷᠢ ᠣᠷᠣᠭᠤᠯᠵᠤ ᠪᠤᠢ ᠬᠦᠮᠦᠰ ᠲᠥ ᠲᠥᠷᠥ ᠢᠢᠨ ᠣᠳᠣᠨ᠂ ᠮᠧᠳᠠᠯᠢ ᠬᠦᠷᠲᠡᠭᠡᠯ ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠥᠷᠥ ᠢᠢᠨ ᠳᠡᠭᠡᠳᠦ ᠴᠣᠯᠠ᠂ ᠣᠳᠣᠨ᠂ ᠮᠧᠳᠠᠯᠢ ᠬᠦᠷᠲᠡᠭᠰᠡᠨ ᠡᠷᠬᠢᠮ ᠦᠳ ᠲᠥ ᠪᠣᠯᠤᠨ ᠲᠡᠳᠡᠨ ᠦ ᠭᠡᠷ ᠪᠦᠯᠢ᠂ ᠬᠠᠮᠲᠤ ᠣᠯᠠᠨ ᠳᠤ ᠪᠠᠶᠠᠷ ᠬᠦᠷᠭᠡᠵᠦ᠂ ᠰᠠᠢᠢᠨ ᠰᠠᠢᠢᠬᠠᠨ ᠪᠦᠬᠦᠨ ᠢ ᠬᠦᠰᠡᠨ ᠡᠢᠷᠦᠭᠡᠯ᠎ᠡ᠃