Та "Internet explorer"-ийн сүүлийн хувилбар болох "Microsoft edge"-г ашиглана уу

Хэрэв "Microsoft edge"-г татах бол энд дарж татаж авна уу

《ᠪᠤᠭᠤᠳᠠᠢ ᠢᠢᠨ ᠭᠠᠩ ᠳᠤ ᠲᠡᠰᠪᠦᠷᠢᠲᠡᠢ ᠳᠠᠷᠬᠠᠨ-144 ᠰᠣᠷᠲ》 ᠰᠡᠳᠦᠪᠲᠦ ᠪᠦᠲᠦᠭᠡᠯ ᠳᠥ ᠲᠥᠷᠥ ᠢᠢᠨ ᠱᠠᠩᠨᠠᠯ ᠬᠦᠷᠲᠡᠭᠡᠪᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠵᠠᠷᠯᠢᠭ ᠭᠠᠷᠭᠠᠵᠤ᠂ ᠤᠷᠭᠤᠮᠠᠯ᠂ ᠭᠠᠵᠠᠷ ᠲᠠᠷᠢᠶᠠᠯᠠᠩ ᠤᠨ ᠰᠢᠨᠵᠢᠯᠡᠬᠦ ᠤᠬᠠᠭᠠᠨ ᠤ ᠰᠠᠯᠪᠤᠷᠢ ᠢᠢᠨ ᠲᠡᠷᠢᠭᠦᠯᠡᠬᠦ ᠡᠷᠳᠡᠮᠲᠡᠨ᠂ ᠫᠷᠣᠹᠧᠰᠰᠣᠷ ᠤᠳ ᠤᠨ ᠲᠤᠭᠤᠷᠪᠢᠭᠰᠠᠨ ᠰᠢᠯᠢᠳᠡᠭ ᠪᠦᠲᠦᠭᠡᠯ ᠳᠥ ᠲᠥᠷᠥ ᠢᠢᠨ ᠱᠠᠩᠨᠠᠯ ᠬᠦᠷᠲᠡᠭᠡᠯ ᠡ᠃

ᠮᠣᠩ᠋ᠭᠣᠯ ᠣᠷᠣᠨ ᠤ ᠪᠠᠢᠢᠭᠠᠯᠢ ᠡᠻᠣᠯᠣᠭᠢ᠂ ᠴᠠᠭ ᠠᠭᠤᠷ ᠤᠨ ᠣᠨᠴᠠᠯᠢᠭ ᠲᠤ ᠳᠠᠰᠤᠨ ᠵᠣᠬᠢᠴᠠᠭᠰᠠᠨ ᠪᠤᠭᠤᠳᠠᠢ ᠢᠢᠨ ᠰᠧᠯᠧᠻᠼ ᠦᠨ ᠠᠵᠢᠯ ᠢ ᠥᠷᠭᠡᠵᠢᠭᠦᠯᠦᠨ ᠬᠥᠭ᠍ᠵᠢᠭᠦᠯᠵᠦ᠂ ᠭᠠᠩ ᠳᠤ ᠲᠡᠰᠪᠦᠷᠢᠲᠡᠢ᠂ ᠠᠷᠪᠢᠨ ᠤᠷᠭᠤᠴᠠ ᠲᠠᠢ ᠰᠢᠨ᠎ᠡ ᠰᠣᠷᠲ ᠤᠨ ᠪᠤᠭᠤᠳᠠᠢ ᠭᠠᠷᠭᠠᠨ ᠠᠪᠴᠤ᠂ ᠬᠥᠳᠡᠭᠡ ᠠᠵᠤ ᠠᠬᠤᠢ᠂ ᠭᠠᠵᠠᠷ ᠲᠠᠷᠢᠶᠠᠯᠠᠩ ᠤᠨ ᠰᠠᠯᠪᠤᠷᠢ ᠢᠢᠨ ᠡᠳ᠋ ᠦᠨ ᠵᠠᠰᠠᠭ ᠤᠨ ᠦᠷ᠎ᠡ ᠠᠰᠢᠭ ᠢ ᠨᠡᠮᠡᠭᠳᠡᠭᠦᠯᠦᠨ᠂ ᠬᠦᠮᠦᠨ ᠠᠮᠠ ᠢᠢᠨ ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ ᠢ ᠰᠠᠢᠢᠵᠢᠷᠠᠭᠤᠯᠬᠤ ᠳᠤ ᠪᠣᠳᠠᠲᠠᠢ ᠬᠤᠪᠢ ᠨᠡᠮᠡᠷᠢ ᠣᠷᠣᠭᠤᠯᠵᠤ ᠪᠠᠢᠢᠭ᠎ᠠ ᠤᠷᠭᠤᠮᠠᠯ᠂ ᠭᠠᠵᠠᠷ ᠲᠠᠷᠢᠶᠠᠯᠠᠩ ᠤᠨ ᠰᠢᠨᠵᠢᠯᠡᠬᠦ ᠤᠬᠠᠭᠠᠨ ᠤ ᠰᠠᠯᠪᠤᠷᠢ ᠢᠢᠨ ᠲᠡᠷᠢᠭᠦᠯᠡᠬᠦ ᠡᠷᠳᠡᠮᠲᠡᠨ᠂ ᠫᠷᠣᠹᠧᠰᠰᠣᠷ ᠤᠳ ᠤᠨ ᠲᠤᠭᠤᠷᠪᠢᠭᠰᠠᠨ 《ᠪᠤᠭᠤᠳᠠᠢ ᠢᠢᠨ ᠭᠠᠩ ᠳᠤ ᠲᠡᠰᠪᠦᠷᠢᠲᠡᠢ ᠳᠠᠷᠬᠠᠨ-144 ᠰᠣᠷᠲ》 ᠰᠡᠳᠦᠪᠲᠦ ᠪᠦᠲᠦᠭᠡᠯ ᠳᠥ ᠮᠣᠩ᠋ᠭᠣᠯ ᠤᠯᠤᠰ ᠤᠨ ᠲᠥᠷᠥ ᠢᠢᠨ ᠱᠠᠩᠨᠠᠯ ᠬᠦᠷᠲᠡᠭᠡᠯ ᠡ᠃

ᠲᠥᠷᠥ ᠢᠢᠨ ᠱᠠᠩᠨᠠᠯ ᠢ᠄

ᠪᠠᠭ ᠤᠨ ᠠᠬᠠᠯᠠᠭᠴᠢ᠂ ᠬᠥᠳᠡᠭᠡ ᠠᠵᠤ ᠠᠬᠤᠢ ᠢᠢᠨ ᠶᠡᠬᠡ ᠰᠤᠷᠭᠠᠭᠤᠯᠢ ᠢᠢᠨ ᠳᠠᠷᠬᠠᠨ-ᠠᠭᠤᠯᠠ ᠠᠢᠢᠮᠠᠭ ᠳᠠᠬᠢ ᠤᠷᠭᠤᠮᠠᠯ᠂ ᠭᠠᠵᠠᠷ ᠲᠠᠷᠢᠶᠠᠯᠠᠩ ᠤᠨ ᠡᠷᠳᠡᠮ ᠰᠢᠨᠵᠢᠯᠡᠭᠡᠨ ᠦ ᠬᠦᠷᠢᠶᠡᠯᠡᠩ ᠦᠨ ᠡᠷᠳᠡᠮ ᠰᠢᠨᠵᠢᠯᠡᠭᠡᠨ ᠦ ᠲᠡᠷᠢᠭᠦᠯᠡᠬᠦ ᠠᠵᠢᠯᠲᠠᠨ᠂ ᠭᠠᠪᠢᠶᠠᠲᠤ ᠠᠭᠷᠣᠨᠣᠮᠢᠴᠢ᠂ ᠳ᠋ᠣᠻᠲ᠋ᠣᠷ᠂ ᠫᠷᠣᠹᠧᠰᠰᠣᠷ ᠶᠢᠳᠠᠮᠰᠦ᠋ᠷᠦᠩ ᠦᠨ ᠮᠢᠭ᠌ᠮᠠᠷᠰᠦ᠋ᠷᠦᠩ᠂

ᠰᠤᠳᠤᠯᠭᠠᠨ ᠤ ᠪᠠᠭ ᠤᠨ ᠭᠡᠰᠢᠭᠥᠳ᠄

ᠬᠥᠳᠡᠭᠡ ᠠᠵᠤ ᠠᠬᠤᠢ ᠢᠢᠨ ᠶᠡᠬᠡ ᠰᠤᠷᠭᠠᠭᠤᠯᠢ ᠢᠢᠨ ᠳᠠᠷᠬᠠᠨ-ᠠᠭᠤᠯᠠ ᠠᠢᠢᠮᠠᠭ ᠳᠠᠬᠢ ᠤᠷᠭᠤᠮᠠᠯ᠂ ᠭᠠᠵᠠᠷ ᠲᠠᠷᠢᠶᠠᠯᠠᠩ ᠤᠨ ᠡᠷᠳᠡᠮ ᠰᠢᠨᠵᠢᠯᠡᠭᠡᠨ ᠦ ᠬᠦᠷᠢᠶᠡᠯᠡᠩ ᠦᠨ ᠡᠷᠳᠡᠮ ᠰᠢᠨᠵᠢᠯᠡᠭᠡᠨ ᠦ ᠲᠡᠷᠢᠭᠦᠯᠡᠬᠦ ᠠᠵᠢᠯᠲᠠᠨ᠂ ᠳᠡᠳ᠋ ᠫᠷᠣᠹᠧᠰᠰᠣᠷ ᠪᠣᠳᠢᠰᠠᠳ ᠤᠨ ᠭᠠᠩᠪᠠᠭᠠᠲᠤᠷ᠂

ᠬᠥᠳᠡᠭᠡ ᠠᠵᠤ ᠠᠬᠤᠢ ᠢᠢᠨ ᠶᠡᠬᠡ ᠰᠤᠷᠭᠠᠭᠤᠯᠢ ᠢᠢᠨ ᠳᠠᠷᠬᠠᠨ-ᠠᠭᠤᠯᠠ ᠠᠢᠢᠮᠠᠭ ᠳᠠᠬᠢ ᠤᠷᠭᠤᠮᠠᠯ᠂ ᠭᠠᠵᠠᠷ ᠲᠠᠷᠢᠶᠠᠯᠠᠩ ᠤᠨ ᠡᠷᠳᠡᠮ ᠰᠢᠨᠵᠢᠯᠡᠭᠡᠨ ᠦ ᠬᠦᠷᠢᠶᠡᠯᠡᠩ ᠦᠨ ᠡᠷᠳᠡᠮ ᠰᠢᠨᠵᠢᠯᠡᠭᠡᠨ ᠦ ᠠᠵᠢᠯᠲᠠᠨ᠂ ᠳ᠋ᠣᠻᠲ᠋ᠣᠷ ᠰᠠᠩᠳᠤᠢᠢᠵᠠᠪ ᠤᠨ ᠴᠡᠷᠢᠩᠳᠣᠯᠭᠠᠷ᠂

ᠬᠥᠳᠡᠭᠡ ᠠᠵᠤ ᠠᠬᠤᠢ ᠢᠢᠨ ᠶᠡᠬᠡ ᠰᠤᠷᠭᠠᠭᠤᠯᠢ ᠢᠢᠨ ᠳᠠᠷᠬᠠᠨ-ᠠᠭᠤᠯᠠ ᠠᠢᠢᠮᠠᠭ ᠳᠠᠬᠢ ᠤᠷᠭᠤᠮᠠᠯ᠂ ᠭᠠᠵᠠᠷ ᠲᠠᠷᠢᠶᠠᠯᠠᠩ ᠤᠨ ᠡᠷᠳᠡᠮ ᠰᠢᠨᠵᠢᠯᠡᠭᠡᠨ ᠦ ᠬᠦᠷᠢᠶᠡᠯᠡᠩ ᠦᠨ ᠡᠷᠳᠡᠮ ᠰᠢᠨᠵᠢᠯᠡᠭᠡᠨ ᠦ ᠠᠬᠠᠮᠠᠳ ᠠᠵᠢᠯᠲᠠᠨ ᠴᠡᠷᠢᠩᠳᠣᠷᠵᠢ ᠢᠢᠨ ᠨᠢᠮᠠᠳᠣᠷᠵᠢ᠂

ᠬᠥᠳᠡᠭᠡ ᠠᠵᠤ ᠠᠬᠤᠢ ᠢᠢᠨ ᠶᠡᠬᠡ ᠰᠤᠷᠭᠠᠭᠤᠯᠢ ᠢᠢᠨ ᠳᠠᠷᠬᠠᠨ-ᠠᠭᠤᠯᠠ ᠠᠢᠢᠮᠠᠭ ᠳᠠᠬᠢ ᠤᠷᠭᠤᠮᠠᠯ᠂ ᠭᠠᠵᠠᠷ ᠲᠠᠷᠢᠶᠠᠯᠠᠩ ᠤᠨ ᠡᠷᠳᠡᠮ ᠰᠢᠨᠵᠢᠯᠡᠭᠡᠨ ᠦ ᠬᠦᠷᠢᠶᠡᠯᠡᠩ ᠦᠨ ᠡᠷᠳᠡᠮ ᠰᠢᠨᠵᠢᠯᠡᠭᠡᠨ ᠦ ᠠᠬᠠᠮᠠᠳ ᠠᠵᠢᠯᠲᠠᠨ ᠫᠠᠭᠪᠠ ᠢᠢᠨ ᠡᠷᠳᠡᠨᠢᠴᠢᠮᠡᠭ ᠨᠠᠷ ᠬᠦᠷᠲᠡᠯ᠎ᠡ᠃

ᠡᠷᠳᠡᠮ ᠮᠡᠳᠡᠯᠭᠡ᠂ ᠣᠶᠤᠨ ᠤᠬᠠᠭᠠᠨ ᠢᠶᠠᠷ ᠢᠶᠠᠨ ᠮᠠᠩᠯᠠᠢᠢᠯᠠᠵᠤ᠂ ᠰᠢᠯᠢᠳᠡᠭ ᠪᠦᠲᠦᠭᠡᠯ ᠢᠶᠡᠷ ᠢᠶᠡᠨ ᠣᠨᠴᠠᠭᠠᠢᠢᠷᠠᠨ ᠰᠢᠯᠭᠠᠷᠠᠭᠰᠠᠨ ᠡᠷᠬᠢᠮ ᠦᠳ ᠲᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠠᠶᠠᠷ ᠬᠦᠷᠭᠡᠵᠦ᠂ ᠭᠡᠷ ᠪᠦᠯᠢ᠂ ᠦᠷ᠎ᠡ ᠬᠡᠦᠬᠡᠳ᠂ ᠬᠠᠮᠲᠤ ᠣᠯᠠᠨ ᠳᠤ ᠨᠢ ᠰᠠᠢᠢᠨ ᠰᠠᠢᠢᠬᠠᠨ ᠢ ᠬᠦᠰᠡᠨ ᠢᠷᠦᠭᠡᠯ ᠡ᠃