Та "Internet explorer"-ийн сүүлийн хувилбар болох "Microsoft edge"-г ашиглана уу

Хэрэв "Microsoft edge"-г татах бол энд дарж татаж авна уу

ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠸ᠊᠂ ᠸ᠊᠂ ᠫᠦᠲ᠋ᠢᠨ ᠪᠠᠶᠠᠷ ᠨᠠᠭᠠᠳᠤᠮ ᠤᠨ ᠮᠡᠨᠳᠦᠴᠢᠯᠡᠭᠡ ᠳᠡᠪᠰᠢᠭᠦᠯᠦᠯ᠎ᠡ

ᠦᠨᠳᠦᠰᠦᠨ ᠦ ᠶᠡᠬᠡ ᠪᠠᠶᠠᠷ ᠨᠠᠭᠠᠳᠤᠮ ᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠥ᠋ᠬᠡ ᠳᠥ ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠸ᠊᠂ ᠸ᠊᠂ ᠫᠦᠲ᠋ᠢᠨ ᠮᠡᠨᠳᠦᠴᠢᠯᠡᠭᠡ ᠢᠷᠡᠭᠦᠯᠦᠯ᠎ᠡ᠃

ᠮᠡᠨᠳᠦᠴᠢᠯᠡᠭᠡᠨ ᠳᠥ 《ᠦᠨᠳᠦᠰᠦᠨ ᠦ ᠶᠡᠬᠡ ᠪᠠᠶᠠᠷ ᠨᠠᠭᠠᠳᠤᠮ-ᠠᠷᠠᠳ ᠤᠨ ᠬᠤᠪᠢᠰᠬᠠᠯ ᠤᠨ 103 ᠵᠢᠯ ᠦᠨ ᠣᠢ ᠢᠢ ᠲᠣᠬᠢᠶᠠᠯᠳᠤᠭᠤᠯᠤᠨ ᠲᠠᠨ ᠳᠤ ᠴᠢᠨ ᠰᠡᠳᠬᠢᠯ ᠦᠨ ᠮᠡᠨᠳᠦᠴᠢᠯᠡᠭᠡ ᠳᠡᠪᠰᠢᠭᠦᠯᠵᠦ ᠪᠠᠢᠢᠭ᠎ᠠ ᠢᠢ ᠮᠢᠨᠢ ᠬᠦᠯᠢᠶᠡᠨ ᠠᠪᠤᠨ᠎ᠠ ᠤᠤ᠃ ᠰᠠᠶᠢᠬᠠᠨ ᠠᠰᠲ᠋ᠠᠨ᠎ᠠ ᠬᠣᠲᠠᠨ᠎ᠠ ᠪᠣᠯᠤᠭᠰᠠᠨ ᠪᠢᠳᠡ ᠬᠣᠶᠠᠷ ᠤᠨ ᠠᠭᠤᠯᠵᠠᠯᠲᠠ ᠣᠷᠣᠰ᠂ ᠮᠣᠩ᠋ᠭᠣᠯ ᠤᠨ ᠬᠠᠷᠢᠯᠴᠠᠭᠠᠨ ᠤ ᠨᠠᠢᠢᠷᠰᠠᠭ᠂ ᠠᠵᠢᠯ ᠬᠡᠷᠡᠭᠴᠢ ᠰᠢᠨᠵᠢ ᠴᠢᠨᠠᠷ ᠢ ᠪᠦᠷᠢᠨ ᠨᠣᠲᠠᠯᠠᠭᠰᠠᠨ ᠪᠢᠯᠡ᠃ ᠬᠣᠶᠠᠷ ᠤᠯᠤᠰ ᠤᠨ ᠠᠷᠠᠳ ᠲᠦᠮᠡᠨ ᠦ ᠰᠠᠢᠢᠨ ᠰᠠᠢᠢᠬᠠᠨ ᠤ ᠲᠥᠯᠥᠭᠡ᠂ ᠧᠦ᠋ᠷᠠᠽᠢ ᠢᠢᠨ ᠪᠥᠰᠡ ᠨᠤᠲᠤᠭ ᠤᠨ ᠠᠶᠤᠯ ᠦᠭᠡᠢ᠂ ᠲᠣᠭᠲᠠᠪᠤᠷᠢᠲᠠᠢ ᠪᠠᠢᠢᠳᠠᠯ ᠢ ᠪᠡᠬᠢᠵᠢᠭᠦᠭᠦᠯᠬᠦ ᠠᠰᠢᠭ ᠰᠣᠨᠢᠷᠬᠠᠯ ᠤᠨ ᠡᠭᠦᠳᠡᠨ ᠡᠴᠡ ᠴᠢᠨᠠᠭᠰᠢᠳᠠ ᠬᠠᠮᠲᠤ ᠢᠢᠨ ᠬᠦᠴᠦᠨ ᠴᠢᠷᠮᠠᠢᠢᠯᠲᠠ ᠪᠠᠷ ᠬᠠᠮᠲᠤ ᠢᠢᠨ ᠠᠵᠢᠯᠯᠠᠭ᠎ᠠ ᠢᠢ ᠪᠦᠬᠦ ᠰᠠᠯᠪᠤᠷᠢ ᠳᠤ ᠦᠶ᠎ᠡ ᠱᠠᠲᠤ ᠲᠠᠢ ᠥᠷᠭᠡᠵᠢᠭᠦᠯᠦᠨ ᠬᠥᠭ᠍ᠵᠢᠭᠦᠯᠦᠨ᠎ᠡ ᠭᠡᠳᠡᠭ ᠲᠥ ᠢᠲᠡᠭᠡᠯ ᠲᠡᠢ ᠪᠠᠢᠢᠨ᠎ᠠ᠃ ᠲᠠᠨ ᠳᠤ ᠡᠷᠡᠭᠦᠯ ᠡ᠊ᠩᠬᠡ᠂ ᠠᠵᠢᠯ ᠤᠨ ᠠᠮᠵᠢᠯᠲᠠ᠂ ᠮᠣᠩ᠋ᠭᠣᠯ ᠤᠯᠤᠰ ᠤᠨ ᠠᠷᠠᠳ ᠢᠷᠭᠡᠳ ᠲᠥ ᠠᠵᠠ ᠵᠢᠷᠭᠠᠯ᠂ ᠬᠥᠭ᠍ᠵᠢᠯ ᠴᠡᠴᠡᠭᠯᠡᠯᠲᠡ ᠢᠢ ᠴᠢᠨ ᠰᠡᠳᠬᠢᠯ ᠡᠴᠡ ᠪᠡᠨ ᠬᠦᠰᠡᠨ ᠢᠷᠦᠭᠡᠶ᠎ᠡ》 ᠭᠡᠵᠡᠢ᠃