Та "Internet explorer"-ийн сүүлийн хувилбар болох "Microsoft edge"-г ашиглана уу

Хэрэв "Microsoft edge"-г татах бол энд дарж татаж авна уу

ᠦᠨᠳᠦᠰᠦᠨ ᠦ ᠶᠡᠬᠡ ᠪᠠᠶᠠᠷ ᠨᠠᠭᠠᠳᠤᠮ ᠢ ᠲᠣᠬᠢᠶᠠᠯᠳᠤᠭᠤᠯᠤᠨ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠰᠢ ᠵᠢᠨ ᠫᠢᠩ ᠮᠡᠨᠳᠦᠴᠢᠯᠡᠭᠡ ᠳᠡᠪᠰᠢᠭᠦᠯᠦᠯ᠎ᠡ

ᠦᠨᠳᠦᠰᠦᠨ ᠦ ᠶᠡᠬᠡ ᠪᠠᠶᠠᠷ ᠨᠠᠭᠠᠳᠤᠮ ᠢ ᠲᠣᠬᠢᠶᠠᠯᠳᠤᠭᠤᠯᠤᠨ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠰᠢ ᠵᠢᠨ ᠫᠢᠩ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠥ᠋ᠬᠡ ᠳᠥ ᠮᠡᠨᠳᠦᠴᠢᠯᠡᠭᠡ ᠳᠡᠪᠰᠢᠭᠦᠯᠦᠯ᠎ᠡ᠃

ᠮᠡᠨᠳᠦᠴᠢᠯᠡᠭᠡᠨ ᠳᠥ 《ᠮᠣᠩ᠋ᠭᠣᠯ ᠤᠯᠤᠰ ᠤᠨ ᠦᠨᠳᠦᠰᠦᠨ ᠦ ᠶᠡᠬᠡ ᠪᠠᠶᠠᠷ ᠨᠠᠭᠠᠳᠤᠮ ᠢ ᠲᠣᠬᠢᠶᠠᠯᠳᠤᠭᠤᠯᠤᠨ ᠲᠠᠨ ᠳᠤ ᠪᠣᠯᠤᠨ ᠲᠠᠨ ᠤ ᠵᠠᠰᠠᠭ ᠤᠨ ᠭᠠᠵᠠᠷ᠂ ᠠᠷᠠᠳ ᠢᠷᠭᠡᠳ ᠲᠥ ᠴᠢᠨ ᠰᠡᠳᠬᠢᠯ ᠡᠴᠡ ᠪᠡᠨ ᠪᠠᠶᠠᠷ ᠬᠦᠷᠭᠡᠵᠦ᠂ ᠰᠠᠢᠢᠨ ᠰᠠᠢᠢᠬᠠᠨ ᠢ ᠬᠦᠰᠡᠨ ᠢᠷᠦᠭᠡᠶ᠎ᠡ᠃ ᠬᠢᠲᠠᠳ᠂ ᠮᠣᠩ᠋ᠭᠣᠯ ᠬᠣᠶᠠᠷ ᠤᠯᠤᠰ ᠪᠡᠶ᠎ᠡ ᠪᠡᠶ᠎ᠡ ᠢᠢᠨ ᠢᠶᠡᠨ ᠬᠤᠪᠢ ᠳᠤ ᠴᠢᠬᠤᠯᠠ ᠬᠥᠷᠰᠢ ᠪᠥᠭᠡᠳ ᠰᠠᠢᠢᠨ ᠬᠥᠷᠰᠢ ᠢᠢᠨ ᠨᠠᠢᠢᠷᠰᠠᠭ ᠬᠠᠷᠢᠯᠴᠠᠭ᠎ᠠ ᠢᠢ ᠤᠷᠲᠤ ᠬᠤᠭᠤᠴᠠᠭᠠᠨ ᠳᠤ ᠲᠣᠭᠲᠠᠪᠤᠷᠢᠲᠠᠢ ᠬᠥᠭ᠍ᠵᠢᠭᠦᠯᠬᠦ ᠨᠢ ᠬᠣᠶᠠᠷ ᠤᠯᠤᠰ ᠤᠨ ᠠᠷᠠᠳ ᠢᠷᠭᠡᠳ ᠦᠨ ᠢᠵᠠᠭᠤᠷ ᠡᠷᠬᠡ ᠠᠰᠢᠭ ᠲᠤ ᠨᠡᠢᠢᠴᠡᠨ᠎ᠡ᠃

ᠮᠢᠨᠦ ᠪᠡᠶ᠎ᠡ ᠲᠠᠨ ᠲᠠᠢ ᠬᠠᠮᠲᠤ ᠬᠣᠶᠠᠷ ᠤᠯᠤᠰ ᠤᠨ ᠬᠤᠪᠢ ᠵᠠᠶᠠᠭᠠᠨ ᠤ ᠬᠠᠮᠲᠤ ᠢᠢᠨ ᠨᠢᠭᠡᠳᠦᠯ ᠢ ᠪᠤᠢ ᠪᠣᠯᠭᠠᠬᠤ ᠵᠣᠷᠢᠯᠭ᠎ᠠ ᠳᠤ ᠴᠢᠭᠯᠡᠵᠦ᠂ ᠬᠠᠷᠢᠯᠴᠠᠭᠠᠨ ᠤ ᠤᠯᠤᠰ ᠲᠥᠷᠥ ᠢᠢᠨ ᠦᠨᠳᠦᠰᠦ ᠰᠠᠭᠤᠷᠢ ᠢᠢ ᠬᠠᠮᠠᠭᠠᠯᠠᠨ᠂ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠭᠦᠨᠵᠡᠭᠡᠢᠢᠷᠡᠭᠦᠯᠬᠦ ᠵᠠᠮ ᠢᠶᠠᠷ ᠢᠵᠢ ᠪᠦᠷᠢᠨ ᠰᠲ᠋ᠷᠠᠲ᠋ᠧᠭᠢ ᠢᠢᠨ ᠲᠦᠩᠰᠢᠯᠡᠯ ᠦᠨ ᠬᠠᠷᠢᠯᠴᠠᠭ᠎ᠠ ᠢᠢ ᠵᠥᠪ ᠵᠠᠮᠨᠠᠯ ᠳᠤ ᠡᠷᠡᠭᠦᠯ᠂ ᠲᠣᠭᠲᠠᠪᠤᠷᠢᠲᠠᠢ ᠤᠷᠤᠭᠰᠢᠯᠠᠭᠤᠯᠤᠨ ᠬᠥᠭ᠍ᠵᠢᠭᠦᠯᠬᠦ ᠢᠢᠨ ᠲᠥᠯᠥᠭᠡ ᠬᠦᠴᠦᠨ ᠵᠢᠳᠬᠦᠬᠦ ᠳᠥ ᠪᠡᠯᠡᠨ ᠪᠠᠢᠢᠨ᠎ᠠ᠃ ᠲᠠᠨ ᠤ ᠤᠯᠤᠰ ᠲᠤ ᠬᠥᠭ᠍ᠵᠢᠯ ᠴᠡᠴᠡᠭᠯᠡᠯᠲᠡ᠂ ᠠᠷᠠᠳ ᠢᠷᠭᠡᠳ ᠲᠥ ᠡ᠊ᠩᠬᠡ ᠲᠤᠩᠬ᠎ᠠ᠂ ᠠᠵᠠ ᠵᠢᠷᠭᠠᠯ ᠬᠦᠰᠡᠨ ᠢᠷᠦᠭᠡᠶ᠎ᠡ》 ᠭᠡᠵᠡᠢ᠃