Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ ᠦᠨᠳᠦᠰᠦᠨ ᠦ ᠰᠤᠷ ᠤᠨ ᠬᠠᠷᠪᠤᠭᠠᠴᠢᠳ ᠲᠤ ᠤᠯᠤᠰ ᠤᠨ ᠴᠣᠯᠠ ᠣᠯᠭᠤᠪᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠥᠨᠥᠳᠥᠷ ᠵᠠᠷᠯᠢᠭ ᠭᠠᠷᠭᠠᠵᠤ᠂ ᠲᠤᠯᠭᠤᠷ ᠲᠥᠷᠥ ᠢᠢᠨ 2233 ᠵᠢᠯ᠂ ᠶᠡᠬᠡ ᠮᠣᠩ᠋ᠭᠣᠯ ᠤᠯᠤᠰ ᠪᠠᠢᠢᠭᠤᠯᠤᠭᠳᠠᠭᠰᠠᠨ ᠤ 818 ᠵᠢᠯ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 113 ᠵᠢᠯ᠂ ᠠᠷᠠᠳ ᠤᠨ ᠬᠤᠪᠢᠰᠬᠠᠯ ᠤᠨ 103 ᠵᠢᠯ ᠦᠨ ᠣᠢ᠂ ᠤᠯᠤᠰ ᠤᠨ ᠪᠠᠶᠠᠷ ᠨᠠᠭᠠᠳᠤᠮ ᠤᠨ ᠦᠨᠳᠦᠰᠦᠨ ᠦ ᠰᠤᠷ ᠤᠨ ᠬᠠᠷᠪᠤᠭᠠᠨ ᠤ ᠲᠥᠷᠥᠯ ᠳᠥ ᠠᠮᠵᠢᠯᠲᠠᠲᠠᠢ ᠣᠷᠣᠯᠴᠠᠵᠤ᠂ ᠤᠯᠤᠰ ᠤᠨ ᠴᠣᠯᠠ ᠢᠢᠨ ᠪᠣᠯᠵᠣᠯ ᠬᠠᠩ᠋ᠭᠠᠭᠰᠠᠨ ᠬᠠᠷᠪᠤᠭᠠᠴᠢᠳ ᠲᠤ ᠴᠣᠯᠠ ᠣᠯᠭᠤᠯ᠎ᠠ᠃

《ᠤᠯᠤᠰ ᠤᠨ ᠴᠣᠯᠠ ᠣᠯᠭᠣᠬᠤ ᠲᠤᠬᠠᠢ》 ᠵᠠᠷᠯᠢᠭ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠦᠪᠯᠡᠬᠦ ᠥ᠊᠂ ᠵᠣᠯᠪᠠᠶᠠᠷ ᠤᠩᠰᠢᠵᠤ ᠲᠠᠨᠢᠯᠴᠠᠭᠤᠯᠤᠭᠰᠠᠨ ᠤ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠠᠷᠪᠤᠭᠠᠴᠢᠳ ᠲᠤ ᠮᠣᠩ᠋ᠭᠣᠯ ᠤᠯᠤᠰ ᠤᠨ ᠴᠣᠯᠠ ᠢᠢᠨ ᠪᠠᠲᠤᠯᠠᠮᠵᠢ᠂ ᠲᠡᠮᠳᠡᠭ ᠢ ᠨᠢ ᠭᠠᠷᠳᠠᠭᠤᠯᠤᠨ ᠥᠭᠴᠦ᠂ ᠪᠠᠶᠠᠷ ᠬᠦᠷᠭᠡᠯ ᠡ᠃

ᠦᠨᠳᠦᠰᠦᠨ ᠦ ᠰᠤᠷ ᠤᠨ ᠬᠠᠷᠪᠤᠭᠠᠨ ᠳᠤ ᠡᠷᠡᠭᠲᠡᠢ ᠬᠠᠷᠪᠤᠭᠠᠴᠢᠳ ᠠᠴᠠ᠄

• 40 ᠰᠤᠮᠤᠨ ᠠᠴᠠ 37 ᠰᠤᠮᠤ ᠣᠨᠣᠵᠤ ᠲᠦᠷᠦᠭᠦᠯᠡᠭᠰᠡᠨ ᠪᠠᠶᠠᠨ-ᠥᠯᠥᠭᠡᠢ ᠠᠢᠢᠮᠠᠭ ᠤᠨ ᠠᠯᠲᠠᠢ ᠰᠤᠮᠤ ᠢᠢᠨ ᠬᠠᠷᠢᠶᠠᠲᠤ᠂ 《ᠥᠯᠥᠭᠡᠢ ᠢᠢᠨ ᠮᠡᠷᠭᠡᠴᠦᠦᠯ》 ᠪᠠᠭ ᠤᠨ ᠬᠠᠷᠪᠤᠭᠠᠴᠢ ᠨᠠᠷᠠᠮᠠᠨᠳᠤᠬᠤ ᠢᠢᠨ ᠠᠯᠲᠠᠨᠰᠦ᠋ᠬᠡ ᠳᠥ 《ᠤᠯᠤᠰ ᠤᠨ ᠮᠡᠷᠭᠡᠨ》 ᠴᠣᠯᠠ᠂

• 40 ᠰᠤᠮᠤᠨ ᠠᠴᠠ 36 ᠰᠤᠮᠤ ᠣᠨᠣᠵᠤ ᠭᠤᠷᠪᠠᠳᠤᠭᠠᠷ ᠪᠠᠢᠢᠷᠢ ᠡᠵᠡᠯᠡᠭᠰᠡᠨ ᠠᠷᠤᠬᠠᠩ᠋ᠭᠠᠢ ᠠᠢᠢᠮᠠᠭ ᠤᠨ ᠡᠷᠳᠡᠨᠢᠪᠤᠯᠭᠠᠨ ᠰᠤᠮᠤ ᠢᠢᠨ ᠤᠤᠭᠠᠯ᠂ 《ᠪᠠᠲᠤ-ᠤᠷ᠎ᠠ ᠮᠡᠷᠭᠡᠨ》 ᠦᠨᠳᠦᠰᠦᠨ ᠦ ᠰᠤᠷ ᠤᠨ ᠬᠣᠯᠪᠣᠭᠠᠨ ᠤ ᠬᠠᠷᠪᠤᠭᠠᠴᠢ ᠳᠠᠭᠪᠠᠰᠥ᠋ᠩᠪᠡᠷᠡᠯ ᠦᠨ ᠡᠷᠳᠡᠨᠢᠬᠥ᠋ᠥ ᠳᠥ 《ᠤᠯᠤᠰ ᠤᠨ ᠭᠣᠴᠣ ᠬᠠᠷᠪᠤᠭᠠᠴᠢ》 ᠴᠣᠯᠠ᠂

• 40 ᠰᠤᠮᠤᠨ ᠠᠴᠠ 36 ᠰᠤᠮᠤ ᠣᠨᠣᠵᠤ ᠳᠥᠷᠪᠡᠳᠦᠭᠡᠷ ᠪᠠᠢᠢᠷᠢ ᠡᠵᠡᠯᠡᠭᠰᠡᠨ ᠳᠣᠷᠣᠨᠠᠲᠤ ᠠᠢᠢᠮᠠᠭ ᠤᠨ ᠬᠡᠷᠥᠯᠥᠨ ᠰᠤᠮᠤ ᠢᠢᠨ ᠬᠠᠷᠢᠶᠠᠲᠤ᠂ 《ᠪᠠᠷᠭᠤᠳᠠᠢ ᠮᠡᠷᠭᠡᠨ》 ᠪᠠᠭ ᠤᠨ ᠬᠠᠷᠪᠤᠭᠠᠴᠢ ᠪᠠᠳᠢᠷᠴᠢ ᠢᠢᠨ ᡀᠠᠭᠪᠠᠳᠣᠷᠵᠢ ᠳᠤ 《ᠤᠯᠤᠰ ᠤᠨ ᠣᠨᠴᠢ ᠬᠠᠷᠪᠤᠭᠠᠴᠢ》 ᠴᠣᠯᠠ᠂

• 40 ᠰᠤᠮᠤᠨ ᠠᠴᠠ 36 ᠰᠤᠮᠤ ᠣᠨᠣᠵᠤ ᠲᠠᠪᠤᠳᠤᠭᠠᠷ ᠪᠠᠢᠢᠷᠢ ᠡᠵᠡᠯᠡᠭᠰᠡᠨ ᠨᠡᠢᠢᠰᠯᠡᠯ ᠦᠨ ᠬᠠᠨ-ᠠᠭᠤᠯᠠ ᠳᠡᠭᠦᠷᠭᠡ ᠢᠢᠨ 《ᠸᠴᠢᠷᠪᠠᠨᠢ》 ᠻᠯᠥ᠋ᠪ ᠤᠨ ᠬᠠᠷᠪᠤᠭᠠᠴᠢ ᠵᠠᠮᠶᠠᠨᠰᠦ᠋ᠷᠦᠩ ᠦᠨ ᠡᠷᠳᠡᠨᠢᠪᠢᠯᠢᠭ᠌ ᠲᠥ 《ᠤᠯᠤᠰ ᠤᠨ ᠲᠣᠳᠣ ᠬᠠᠷᠪᠤᠭᠠᠴᠢ》 ᠴᠣᠯᠠ᠂

ᠦᠨᠳᠦᠰᠦᠨ ᠦ ᠰᠤᠷ ᠤᠨ ᠬᠠᠷᠪᠤᠭᠠᠨ ᠳᠤ ᠡᠮᠡᠭᠲᠡᠢ ᠬᠠᠷᠪᠤᠭᠠᠴᠢᠳ ᠠᠴᠠ᠄

• 40 ᠰᠤᠮᠤᠨ ᠠᠴᠠ 38 ᠰᠤᠮᠤ ᠣᠨᠣᠵᠤ ᠲᠦᠷᠦᠭᠦᠯᠡᠭᠰᠡᠨ ᠥᠪᠦᠷᠬᠠᠩ᠋ᠭᠠᠢ ᠠᠢᠢᠮᠠᠭ ᠤᠨ ᠨᠠᠷᠢᠨᠲᠡᠭᠡᠯᠢ ᠰᠤᠮᠤ ᠢᠢᠨ ᠤᠤᠭᠠᠯ᠂ 《ᠶᠡᠬᠡ ᠮᠣᠩ᠋ᠭᠣᠯ ᠤᠨ ᠬᠠᠷᠪᠤᠭᠤᠯ》 ᠬᠠᠷᠪᠤᠭᠠᠴᠢᠳ ᠤᠨ ᠨᠢᠭᠡᠳᠦᠭᠰᠡᠨ ᠬᠣᠯᠪᠣᠭᠠᠨ ᠤ ᠬᠠᠷᠪᠤᠭᠠᠴᠢ ᠪᠠᠳᠮᠠᠸᠴᠢᠷ ᠤᠨ ᠫᠤᠩᠰᠠᠯᠳᠤᠯᠮ ᠠ ᠳᠤ 《ᠤᠯᠤᠰ ᠤᠨ ᠳᠠᠶᠠᠭᠠᠷ ᠳᠠᠭᠤᠷᠢᠰᠬᠤ ᠮᠡᠷᠭᠡᠨ》 ᠴᠣᠯᠠ᠂

• 40 ᠰᠤᠮᠤᠨ ᠠᠴᠠ 36 ᠰᠤᠮᠤ ᠣᠨᠣᠵᠤ ᠭᠤᠷᠪᠠᠳᠤᠭᠠᠷ ᠪᠠᠢᠢᠷᠢ ᠡᠵᠡᠯᠡᠭᠰᠡᠨ ᠬᠡᠨᠲᠡᠢ ᠠᠢᠢᠮᠠᠭ ᠤᠨ ᠪᠠᠲᠤᠨᠣᠷᠪᠤ ᠰᠤᠮᠤ ᠢᠢᠨ ᠤᠤᠭᠠᠯ᠂ 《ᠰᠣᠶᠣᠩᠪᠣ》 ᠰᠫᠣᠷᠲ ᠬᠣᠷᠢᠶᠠᠨ ᠤ ᠲᠠᠮᠢᠷᠴᠢᠨ ᠪᠠᠶᠠᠷᠪᠠᠲᠤ ᠢᠢᠨ ᠫᠦᠷᠪᠦᠰᠦ᠋ᠷᠦᠩ ᠳᠥ 《ᠤᠯᠤᠰ ᠤᠨ ᠭᠣᠴᠣ ᠬᠠᠷᠪᠤᠭᠠᠴᠢ》 ᠴᠣᠯᠠ᠂

• 40 ᠰᠤᠮᠤᠨ ᠠᠴᠠ 36 ᠰᠤᠮᠤ ᠣᠨᠣᠵᠤ ᠳᠥᠷᠪᠡᠳᠦᠭᠡᠷ ᠪᠠᠢᠢᠷᠢ ᠡᠵᠡᠯᠡᠭᠰᠡᠨ ᠳᠣᠷᠣᠨᠠᠭᠣᠪᠢ ᠠᠢᠢᠮᠠᠭ ᠤᠨ ᠰᠠᠢᠢᠨᠱᠠᠩᠳᠠ ᠰᠤᠮᠤ ᠢᠢᠨ ᠬᠠᠷᠢᠶᠠᠲᠤ᠂ 《ᠥᠨᠢᠳᠡ ᠴᠡᠩ᠋ᠭᠡᠯ ᠦᠨ ᠮᠠᠩᠯᠠᠢ》 ᠬᠠᠷᠪᠤᠭᠠᠴᠢᠳ ᠤᠨ ᠬᠣᠯᠪᠣᠭᠠᠨ ᠤ ᠬᠠᠷᠪᠤᠭᠠᠴᠢ ᠪᠠᠶᠠᠨᠵᠢᠷᠭᠠᠯ ᠤᠨ ᠨᠠᠭᠠᠳᠤᠮ ᠳᠤ 《ᠤᠯᠤᠰ ᠤᠨ ᠣᠨᠴᠢ ᠬᠠᠷᠪᠤᠭᠠᠴᠢ》 ᠴᠣᠯᠠ ᠢᠢ ᠲᠤᠰ ᠲᠤᠰ ᠣᠯᠭᠤᠪᠠ᠃