Та "Internet explorer"-ийн сүүлийн хувилбар болох "Microsoft edge"-г ашиглана уу

Хэрэв "Microsoft edge"-г татах бол энд дарж татаж авна уу

ᠲᠥᠷᠥ ᠢᠢᠨ ᠲᠠᠬᠢᠯᠭᠠᠲᠤ ᠪᠤᠷᠬᠠᠨ ᠪᠤᠭᠤᠳᠠᠢ ᠠᠭᠤᠯᠠ ᠢᠢᠨ ᠲᠩᠷᠢ ᠢᠢ ᠲᠠᠢᠢᠬᠤ ᠶᠣᠰᠣᠯᠠᠯ ᠪᠣᠯᠤᠯ᠎ᠠ

ᠪᠤᠷᠬᠠᠨ ᠪᠤᠭᠤᠳᠠᠢ ᠬᠠᠢᠢᠷᠬᠠᠨ ᠠᠭᠤᠯᠠ ᠢᠢᠨ ᠲᠩᠷᠢ ᠢᠢ ᠲᠠᠢᠢᠬᠤ ᠲᠥᠷᠥ ᠢᠢᠨ ᠲᠠᠬᠢᠯᠭ᠎ᠠ ᠢᠢᠨ ᠶᠣᠰᠣᠯᠠᠯ 2024 ᠣᠨ ᠤ 07 ᠳ᠋ᠤᠭᠠᠷ ᠰᠠᠷ᠎ᠠ ᠢᠢᠨ 20 ᠍ ᠤ ᠡᠳᠦᠷ ᠪᠤᠶᠤ XVII ᠵᠢᠷᠠᠨ ᠤ ᠬᠢᠯᠢᠩᠲᠦ ᠡᠬᠡ ᠬᠡᠮᠡᠬᠦ ᠮᠣᠳᠣᠨ ᠯᠤᠤ ᠵᠢᠯ ᠦᠨ ᠵᠤᠨ ᠤ ᠠᠳᠠᠭ ᠴᠠᠭᠠᠭᠴᠢᠨ ᠬᠣᠨᠢ ᠰᠠᠷ᠎ᠠ ᠢᠢᠨ ᠬᠥᠬᠡᠭ᠍ᠴᠢᠨ ᠲᠠᠬᠢᠶ᠎ᠠ ᠡᠳᠦᠷ ᠪᠤᠷᠬᠠᠨ ᠪᠤᠭᠤᠳᠠᠢ ᠬᠠᠢᠢᠷᠬᠠᠨ ᠠᠭᠤᠯᠠ ᠢᠢᠨ ᠲᠠᠬᠢᠯᠭᠠᠳᠤ ᠣᠪᠣᠭᠠᠨ ᠳᠤ ᠪᠣᠯᠤᠯ᠎ᠠ᠃

ᠪᠤᠷᠬᠠᠨ ᠬᠡᠮᠡᠨ ᠬᠦᠨᠳᠦᠳᠬᠡᠨ᠂ ᠳᠡᠭᠡᠳᠦᠯᠡᠨ ᠰᠢᠲᠦᠵᠦ ᠢᠷᠡᠭᠰᠡᠨ ᠬᠣᠶᠠᠷ ᠶᠡᠬᠡ ᠬᠠᠢᠢᠷᠬᠠᠨ ᠤ ᠨᠢᠭᠡ ᠠᠯᠲᠠᠢ ᠢᠢᠨ ᠨᠢᠷᠤᠭᠤᠨ ᠤ ᠰᠠᠯᠪᠤᠷᠢ ᠪᠤᠷᠬᠠᠨ ᠪᠤᠭᠤᠳᠠᠢ ᠠᠭᠤᠯᠠ ᠢᠢᠨ ᠤᠨᠠᠭᠠᠨ ᠲᠥᠷᠬᠥ᠂ ᠤᠷᠭᠤᠮᠠᠯ ᠠᠮᠢᠲᠠᠨ᠂ ᠲᠡᠦᠬᠡ᠂ ᠰᠤᠶᠤᠯ ᠤᠨ ᠳᠤᠷᠠᠰᠬᠠᠯ ᠢ ᠬᠠᠳᠠᠭᠠᠯᠠᠨ ᠬᠠᠮᠠᠭᠠᠯᠠᠬᠤ ᠵᠣᠷᠢᠯᠭ᠎ᠠ ᠪᠠᠷ ᠮᠣᠩ᠋ᠭᠣᠯ ᠤᠯᠤᠰ ᠤᠨ ᠶᠡᠷᠦᠩᠬᠡᠢᠢᠯᠡᠭᠴᠢ 2023 ᠣᠨ ᠳᠤ ᠵᠠᠷᠯᠢᠭ ᠭᠠᠷᠭᠠᠨ᠂ ᠲᠥᠷᠥ ᠢᠢᠨ ᠲᠠᠬᠢᠯᠭ᠎ᠠ ᠲᠠᠢ ᠪᠣᠯᠭᠠᠵᠤ᠂ ᠠᠩᠬᠠᠨ ᠤ ᠲᠥᠷᠥ ᠢᠢᠨ ᠲᠠᠬᠢᠯᠭ᠎ᠠ ᠢᠢ ᠦᠢᠯᠡᠳᠦᠯ ᠡ᠃

ᠣᠪᠣᠭᠠᠨ ᠤ ᠲᠩᠷᠢ ᠢᠢ ᠲᠠᠢᠢᠬᠤ ᠶᠣᠰᠣᠯᠠᠯ ᠡᠬᠢᠯᠡᠬᠦ ᠦᠶ᠎ᠡ ᠳᠥ《ᠭᠠᠨᠵᠤᠤᠷ》 ᠶᠡᠬᠡ ᠬᠥᠯᠭᠡᠨ ᠰᠤᠳᠤᠷ᠂ ᠨᠠᠢᠮᠠᠨ ᠲᠠᠬᠢᠯ ᠢ ᠲᠤᠰᠬᠠᠢᠢᠯᠠᠨ ᠵᠠᠯᠠᠵᠤ᠂ ᠯᠠᠮᠠ ᠨᠠᠷ ᠯᠠᠮᠠᠴᠤᠳᠤᠪ᠂ ᠵᠢᠭᠵᠢᠳ᠂ ᠸᠴᠢᠷᠪᠠᠨᠢ᠂ ᠶᠦᠯᠲᠢᠢ ᠵᠡᠷᠭᠡ ᠨᠣᠮ ᠬᠤᠷᠠᠯ ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠥᠷᠥ ᠢᠢᠨ ᠪᠡᠯᠭᠡᠳᠡᠯ ᠢ ᠢᠯᠡᠷᠬᠡᠢᠢᠯᠡᠵᠦ᠂ ᠬᠦᠨᠳᠦᠲᠦ ᠬᠠᠷᠠᠭᠤᠯ ᠤᠨ ᠳᠥᠷᠪᠡᠨ ᠴᠡᠷᠢᠭ ᠢᠶᠡᠷ ᠬᠠᠮᠠᠭᠠᠯᠠᠭᠤᠯᠤᠨ ᠲᠤᠰᠬᠠᠢᠢᠯᠠᠨ ᠵᠠᠰᠠᠭᠰᠠᠨ ᠲᠠᠯᠠᠪᠠᠢ ᠳᠤ ᠬᠦᠷᠦᠯᠴᠡᠨ ᠢᠷᠡᠪᠡ᠃

ᠬᠦᠨᠳᠦᠳᠥ ᠬᠠᠷᠠᠭᠤᠯ ᠤᠨ ᠴᠡᠷᠢᠭ ᠦᠳ ᠮᠣᠩ᠋ᠭᠣᠯ ᠤᠯᠤᠰ ᠤᠨ ᠲᠥᠷᠥ ᠢᠢᠨ ᠳᠠᠯᠪᠠᠭ᠎ᠠ᠂ ᠪᠦᠬᠦ ᠴᠡᠷᠢᠭ ᠦᠨ ᠶᠡᠬᠡ ᠬᠠᠷ᠎ᠠ ᠰᠦᠯᠳᠡ ᠢᠢᠨ ᠤᠮᠠᠷ᠎ᠠ ᠢᠢᠨ ᠡᠯᠴᠢ ᠰᠦᠯᠳᠡ᠂ ᠭᠣᠪᠢ-ᠠᠯᠲᠠᠢ ᠠᠢᠢᠮᠠᠭ ᠤᠨ ᠳᠠᠯᠪᠠᠭ᠎ᠠ᠂ ᠶᠡᠬᠡ ᠡᠵᠡᠨ ᠴᠢᠩ᠋ᠭᠢᠰ ᠬᠠᠭᠠᠨ ᠤ ᠬᠥᠷᠥᠭ᠂ ᠲᠥᠷᠥ ᠢᠢᠨ ᠳᠣᠯᠣᠭᠠᠨ ᠡᠷᠳᠡᠨᠢ ᠢᠢ ᠲᠠᠬᠢᠯ ᠤᠨ ᠰᠢᠷᠡᠭᠡᠨ ᠢᠶᠡᠨ ᠵᠠᠯᠠᠵᠤ ᠪᠠᠢᠢᠷᠢᠯᠠᠭᠤᠯᠤᠯ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠠᠭᠤᠯᠠ ᠣᠪᠣᠭᠠᠨ ᠤ ᠲᠩᠷᠢ ᠢᠢ ᠲᠠᠢᠢᠬᠤ ᠶᠣᠰᠣᠯᠠᠯ ᠨᠢ ᠲᠡᠦᠬᠡ᠂ ᠰᠤᠶᠤᠯ ᠤᠨ ᠥᠪ᠂ ᠲᠥᠷᠥᠳᠦ ᠶᠣᠰᠣᠨ ᠤ ᠭᠦᠨ ᠤᠯᠠᠮᠵᠢᠯᠠᠯ ᠰᠢᠩ᠋ᠭᠡᠭ᠍ᠰᠡᠨ ᠡᠷᠬᠢᠮ ᠨᠠᠨᠳᠢᠨ ᠵᠠᠩ ᠦᠢᠯᠡ ᠭᠡᠳᠡᠭ ᠢ ᠲᠡᠮᠳᠡᠭᠯᠡᠪᠡ᠃ ᠪᠠᠢᠢᠭᠠᠯᠢ ᠳᠡᠯᠡᠬᠡᠢ ᠲᠡᠢ ᠪᠡᠨ ᠵᠣᠬᠢᠰᠲᠠᠢ ᠬᠠᠷᠢᠯᠴᠠᠬᠤ᠂ ᠤᠨᠠᠭᠠᠨ ᠲᠥᠷᠬᠥ ᠢᠢ ᠨᠢ ᠬᠠᠳᠠᠭᠠᠯᠠᠨ ᠬᠠᠮᠠᠭᠠᠯᠠᠬᠤ ᠳᠤ ᠣᠨᠴᠠᠭᠠᠢ ᠠᠴᠢ ᠬᠣᠯᠪᠣᠭᠳᠠᠯ ᠲᠠᠢ ᠡᠨᠡ ᠥᠪ ᠰᠤᠶᠤᠯ ᠢ 2017 ᠣᠨ ᠳᠤ United Nations Educational Scientific and Cultural Organization ᠍ ᠢᠢᠨ ᠶᠠᠭᠠᠷᠠᠯᠲᠠᠢ ᠬᠠᠮᠠᠭᠠᠯᠠᠬᠤ ᠱᠠᠭᠠᠷᠳᠠᠯᠭ᠎ᠠ ᠲᠠᠢ ᠰᠤᠶᠤᠯ ᠤᠨ ᠪᠡᠶᠡᠲᠦ ᠪᠤᠰᠤ ᠥᠪ ᠦᠨ ᠳᠡᠯᠡᠬᠡᠢ ᠢᠢᠨ ᠵᠢᠭ᠌ᠰᠠᠭᠠᠯᠲᠠ ᠳᠤ ᠪᠦᠷᠢᠳᠬᠡᠭ᠍ᠰᠡᠨ ᠭᠡᠳᠡᠭ ᠢ ᠲᠣᠳᠣᠳᠬᠠᠪᠠ᠃

ᠠᠭᠤᠷ ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ ᠢᠢᠨ ᠡᠰᠡᠷᠭᠥ ᠲᠡᠮᠡᠴᠡᠬᠦ ᠵᠣᠷᠢᠯᠭ᠎ᠠ ᠲᠠᠢ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠢ ᠭᠣᠪᠢ-ᠠᠯᠲᠠᠢᠢᠴᠤᠳ ᠳᠡᠮᠵᠢᠨ 108 ᠰᠠᠶ᠎ᠠ ᠮᠣᠳᠣ ᠲᠠᠷᠢᠬᠤ ᠠᠮᠠᠯᠠᠯᠲᠠ ᠥᠭᠴᠦ᠂ ᠪᠤᠰᠤᠳ ᠠᠢᠢᠮᠠᠭ ᠢᠶᠠᠨ ᠮᠠᠩᠯᠠᠢᠢᠯᠠᠭᠰᠠᠨ ᠳᠤ ᠲᠥᠷᠥ ᠢᠢᠨ ᠲᠡᠷᠢᠭᠦᠨ ᠲᠠᠯᠠᠷᠬᠠᠯ ᠢᠯᠡᠷᠬᠡᠢᠢᠯᠡᠯ᠎ᠡ᠃

ᠬᠦᠮᠦᠨ ᠲᠥᠷᠥᠯᠬᠢᠲᠡᠨ ᠦ ᠥᠪ ᠰᠤᠶᠤᠯ ᠢ ᠬᠠᠳᠠᠭᠠᠯᠠᠭᠰᠠᠨ ᠣᠩ᠋ᠭᠣᠨ ᠳᠠᠭᠰᠢᠨ ᠪᠠᠢᠢᠭᠠᠯᠢ ᠲᠠᠢ᠂ ᠡᠷᠳᠡᠨᠢᠰ ᠪᠠᠶᠠᠯᠢᠭ ᠤᠨ ᠠᠷᠪᠢᠨ ᠰᠠᠩ ᠬᠥᠮᠥᠷᠭᠡ ᠲᠡᠢ ᠠᠯᠲᠠᠢᠢᠴᠤᠳ ᠨᠤᠲᠤᠭ ᠣᠷᠣᠨ ᠢᠶᠠᠨ ᠤᠯᠠᠮ ᠪᠦᠷᠢ ᠬᠥᠭ᠍ᠵᠢᠭᠦᠯᠬᠦ ᠢᠢᠨ ᠲᠥᠯᠥᠭᠡ ᠬᠦᠴᠦᠨ ᠵᠢᠳᠬᠦᠬᠦ ᠢᠢ ᠬᠦᠰᠡᠨ ᠢᠷᠦᠭᠡᠪᠡ᠃

ᠶᠡᠷᠦᠩᠬᠡᠢᠢᠯᠡᠭᠴᠢ ᠢᠢ ᠦᠭᠡ ᠬᠡᠯᠡᠭᠰᠡᠨ ᠦ ᠳᠠᠷᠠᠭ᠎ᠠ ᠲᠤᠤᠯᠢᠴᠢ ᠠᠯᠲᠠᠢ ᠢᠢᠨ ᠮᠠᠭᠲᠠᠭᠠᠯ ᠬᠠᠢᠢᠯᠠᠯ᠎ᠠ᠃

ᠳᠠᠷᠠᠭ᠎ᠠ ᠨᠢ ᠤᠯᠤᠰ ᠤᠨ ᠶᠡᠬᠡ ᠬᠤᠷᠠᠯ ᠢᠢᠨ ᠭᠡᠰᠢᠭᠦᠨ ᠳᠤ᠊᠂ ᠪᠤᠮᠸᠴᠢᠷ ᠪᠤᠷᠬᠠᠨ ᠪᠤᠭᠤᠳᠠᠢ ᠬᠠᠢᠢᠷᠬᠠᠨ ᠤ ᠲᠩᠷᠢ ᠳᠥ ᠬᠠᠨᠳᠤᠭᠰᠠᠨ ᠠᠢᠢᠯᠠᠳᠬᠠᠯ ᠢ ᠳᠠᠭᠤᠳᠠᠨ ᠰᠣᠨᠣᠰᠬᠠᠵᠤ᠂ ᠲᠣᠷᠭᠠᠨ ᠳᠡᠭᠡᠷ᠎ᠡ ᠪᠢᠴᠢᠭᠰᠡᠨ ᠡᠬᠢ ᠬᠤᠪᠢ ᠢᠢ ᠨᠢ ᠠᠢᠢᠮᠠᠭ ᠤᠨ ᠮᠦᠽᠧᠢ ᠳᠥ ᠬᠠᠳᠠᠭᠠᠯᠠᠭᠤᠯᠬᠤ ᠪᠠᠷ ᠬᠦᠯᠢᠶᠡᠯᠭᠡᠨ ᠥᠭ᠍ᠭᠥᠯ ᠡ᠃

ᠯᠠᠮᠠ ᠬᠤᠸᠠᠷᠠᠭ ᠤᠳ ᠪᠤᠮᠤᠨ ᠴᠠᠭᠠᠨ ᠰᠤᠳᠤᠷ᠂ ᠪᠤᠷᠬᠠᠨ ᠪᠤᠭᠤᠳᠠᠢ ᠬᠠᠢᠢᠷᠬᠠᠨ ᠠᠭᠤᠯᠠ ᠢᠢᠨ ᠰᠠᠩ᠂ ᠳᠡᠪᠵᠢᠳ ᠰᠡᠷᠵᠢᠮ᠂ ᠵᠢᠩᠯᠠᠪ ᠴᠣᠭᠵᠢᠯ ᠨᠣᠮ ᠤᠩᠰᠢᠯ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠲᠩᠷᠢ ᠳᠥ ᠬᠦᠷᠭᠡᠬᠦ ᠳᠠᠭᠤᠲᠤ ᠰᠤᠮᠤ ᠢᠢ ᠭᠣᠪᠢ-ᠠᠯᠲᠠᠢ ᠠᠢᠢᠮᠠᠭ ᠤᠨ ᠪᠤᠭᠤᠳᠤ ᠰᠤᠮᠤ ᠢᠢᠨ 《ᠵᠠᠰᠠᠭᠲᠤ ᠬᠠᠨ》 ᠻᠯᠤᠢᠪ ᠤᠨ ᠬᠠᠷᠪᠤᠭᠠᠴᠢ᠂ ᠮᠣᠩ᠋ᠭᠣᠯ ᠤᠯᠤᠰ ᠤᠨ ᠮᠡᠷᠭᠡᠨ ᠪ᠊᠂ ᠳᠠᠰᠢᠵᠡᠭ᠍ᠪᠡ ᠳᠥ ᠬᠦᠯᠢᠶᠡᠯᠭᠡᠨ ᠥᠭᠴᠦ᠂ ᠲᠤᠰ ᠠᠢᠢᠮᠠᠭ ᠤᠨ ᠴᠣᠭᠲᠤ ᠰᠤᠮᠤ ᠢᠢᠨ ᠲᠥᠭᠥᠷᠢᠭ᠌ ᠪᠠᠭ ᠤᠨ ᠮᠠᠯᠴᠢᠨ ᠰ᠊᠂ ᠮᠠᠨᠳᠤᠬᠤᠨᠠᠷᠠᠨ ᠤ ᠠᠳᠤᠭᠤᠨ ᠰᠦᠷᠦᠭ ᠡᠴᠡ ᠰᠣᠩ᠋ᠭᠣᠭᠰᠠᠨ ᠮᠣᠷᠢ ᠢᠢ ᠲᠩᠷᠢ ᠢᠢᠨ ᠬᠦᠯᠦᠭ ᠪᠣᠯᠭᠠᠵᠤ ᠰᠡᠲᠡᠷᠯᠡᠯ᠎ᠡ᠃

ᠮᠣᠩ᠋ᠭᠣᠯ ᠤᠯᠤᠰ ᠤᠨ ᠲᠥᠷᠥ ᠢᠢᠨ ᠳᠠᠯᠪᠠᠭ᠎ᠠ᠂ ᠪᠦᠬᠦ ᠴᠡᠷᠢᠭ ᠦᠨ ᠶᠡᠬᠡ ᠬᠠᠷ᠎ᠠ ᠰᠦᠯᠳᠡ ᠢᠢᠨ ᠤᠮᠠᠷ᠎ᠠ ᠢᠢᠨ ᠡᠯᠴᠢ ᠰᠦᠯᠳᠡ᠂ ᠭᠣᠪᠢ-ᠠᠯᠲᠠᠢ ᠠᠢᠢᠮᠠᠭ ᠤᠨ ᠳᠠᠯᠪᠠᠭ᠎ᠠ᠂ ᠴᠢᠩ᠋ᠭᠢᠰ ᠬᠠᠭᠠᠨ ᠤ ᠬᠥᠷᠥᠭ ᠪᠣᠯᠤᠨ ᠲᠥᠷᠥ ᠢᠢᠨ ᠳᠣᠯᠣᠭᠠᠨ ᠡᠷᠳᠡᠨᠢ ᠢᠢ ᠪᠤᠴᠠᠭᠠᠵᠤ ᠵᠠᠯᠠᠭᠰᠠᠨ ᠢᠶᠠᠷ ᠪᠤᠷᠬᠠᠨ ᠪᠤᠭᠤᠳᠠᠢ ᠠᠭᠤᠯᠠ ᠢᠢᠨ ᠲᠩᠷᠢ ᠢᠢ ᠲᠠᠢᠢᠬᠤ ᠲᠥᠷᠥ ᠢᠢᠨ ᠲᠠᠬᠢᠯᠭ᠎ᠠ ᠢᠢᠨ ᠶᠣᠰᠣᠯᠠᠯ ᠥᠨᠳᠥᠷᠯᠡᠪᠡ᠃

ᠭᠣᠪᠢ-ᠠᠯᠲᠠᠢ ᠠᠢᠢᠮᠠᠭ ᠤᠨ ᠪᠢᠭᠡᠷ᠂ ᠴᠣᠭᠲᠤ᠂ ᠬᠠᠯᠢᠭᠤᠨ ᠰᠤᠮᠤ ᠢᠢᠨ ᠨᠤᠲᠤᠭ ᠢ ᠳᠠᠮᠨᠠᠨ ᠤᠷᠤᠰᠢᠬᠤ ᠪᠤᠷᠬᠠᠨ ᠪᠤᠭᠤᠳᠠᠢ ᠠᠭᠤᠯᠠ ᠢᠢᠨ ᠥᠪᠡᠷᠮᠢᠴᠡ ᠦᠵᠡᠰᠬᠦᠯᠡᠩᠲᠦ ᠲᠣᠭᠲᠠᠴᠠ᠂ ᠡᠷᠲᠡᠨ ᠡᠴᠡ ᠰᠢᠲᠦᠵᠦ ᠢᠷᠡᠭᠰᠡᠨ ᠤᠯᠠᠮᠵᠢᠯᠠᠯ ᠢ ᠬᠠᠳᠠᠭᠠᠯᠠᠨ ᠦᠯᠡᠳᠡᠭᠡᠬᠦ᠂ ᠠᠰᠢᠭᠯᠠᠯᠲᠠ᠂ ᠬᠠᠮᠠᠭᠠᠯᠠᠯᠲᠠ ᠢᠢ ᠵᠦᠢ ᠵᠣᠬᠢᠰᠲᠠᠢ ᠶᠠᠪᠤᠭᠤᠯᠬᠤ ᠵᠣᠷᠢᠯᠭ᠎ᠠ ᠪᠠᠷ 1996 ᠣᠨ ᠳᠤ ᠤᠯᠤᠰ ᠤᠨ ᠲᠤᠰᠬᠠᠢ ᠬᠠᠮᠠᠭᠠᠯᠠᠯᠲᠠ ᠳᠤ ᠠᠪᠤᠭᠰᠠᠨ ᠲᠡᠦᠬᠡ ᠲᠡᠢ᠃

ᠠᠭᠤᠯᠠ ᠢᠢᠨ ᠨᠣᠶᠠᠨ ᠣᠷᠭᠢᠯ ᠨᠢ 3.765 ᠮᠧᠲ᠋ᠷ ᠥᠨᠳᠥᠷ᠂ ᠮᠥᠩᠬᠡ ᠴᠠᠰᠤ ᠲᠠᠢ᠃ ᠠᠭᠤᠯᠠ ᠢᠢᠨ ᠶᠡᠬᠡ ᠪᠡᠶ᠎ᠡ᠂ ᠠᠮᠠ ᠬᠥᠨᠳᠡᠢ ᠳᠥ ᠡᠷᠲᠡᠨ ᠦ ᠮᠥᠰᠥᠲᠥᠯᠭᠡ ᠢᠢᠨ ᠤᠯᠠ ᠮᠥᠷ ᠪᠣᠯᠬᠤ ᠬᠣᠲᠣᠭᠣᠷ ᠭᠦᠳᠦᠭᠦᠷ ᠦᠨ ᠲᠠᠪᠴᠠᠩ ᠳᠡᠨᠵᠢ᠂ ᠬᠤᠩᠬ᠎ᠠ᠂ ᠠᠰᠬ᠎ᠠ ᠨᠤᠷᠠᠩ᠋ᠭᠢ ᠶᠡᠬᠡ ᠲᠡᠢ᠃ ᠠᠭᠤᠯᠠ ᠠᠴᠠ ᠤᠷᠳᠤ ᠭᠣᠣᠯ᠂ ᠳᠤᠮᠳᠠ ᠭᠣᠣᠯ᠂ ᠬᠣᠢᠢᠳᠥ ᠭᠣᠣᠯ᠂ ᠤᠰᠤᠳᠤ ᠴᠢᠴᠠᠷᠠᠨ ᠭᠣᠣᠯ ᠡᠬᠢ ᠠᠪᠴᠤ ᠤᠷᠤᠰᠳᠠᠭ᠃

ᠸᠠᠩᠰᠡᠮᠪᠡᠷᠦ᠂ ᠠᠯᠲᠠᠨᠭᠠᠩᠨᠠᠭᠤᠷ᠂ ᠭᠠᠨᠳᠢᠭᠠᠷ᠂ ᠴᠡᠩᠬᠡᠷ ᠴᠠᠭᠠᠨ ᠮᠠᠨᠴᠢᠨ ᠵᠡᠷᠭᠡ ᠣᠯᠠᠨ ᠵᠦᠢᠯ ᠦᠨ ᠡᠮ ᠦᠨ ᠤᠷᠭᠤᠮᠠᠯ᠂ ᠴᠢᠴᠠᠷᠭᠠᠨ᠎ᠠ᠂ ᠲᠣᠰᠢᠯᠣᠢ ᠵᠡᠷᠭᠡ ᠵᠢᠮᠢᠰ᠂ ᠵᠢᠮᠢᠰᠬᠡᠨ᠎ᠡ ᠤᠷᠭᠤᠳᠠᠭ᠃

ᠠᠷᠭᠠᠯᠢ᠂ ᠶᠠᠩ᠋ᠭᠢᠷ᠂ ᠢᠷᠪᠢᠰ᠂ ᠬᠣᠢᠢᠯᠣᠭ᠂ ᠶᠣᠯᠣ᠂ ᠲᠠᠰ ᠵᠡᠷᠭᠡ ᠠᠮᠢᠲᠠᠨ᠂ ᠰᠢᠪᠠᠭᠤ ᠡᠯᠪᠡᠭ᠌ ᠲᠡᠢ᠃ ᠬᠢᠷ᠎ᠠ ᠢᠢᠨ ᠨᠠᠭᠤᠷ ᠤᠨ ᠮᠢᠩ᠋ᠭᠠᠨ ᠪᠤᠯᠠᠰᠢ᠂ ᠦᠶᠡᠷᠲᠦ ᠢᠢᠨ ᠴᠠᠭᠠᠨ ᠬᠠᠭᠠᠯᠭ᠎ᠠ ᠵᠡᠷᠭᠡ ᠥᠪᠡᠷᠮᠢᠴᠡ ᠲᠣᠭᠲᠠᠴᠠ ᠲᠠᠢ ᠴᠠᠪᠴᠢᠮ᠎ᠠ ᠥᠨᠳᠥᠷ ᠪᠠᠢᠢᠴᠠ ᠬᠠᠳᠠ᠂ ᠬᠠᠳᠠᠨ ᠬᠠᠪᠴᠢᠯ ᠪᠠᠢᠢᠳᠠᠭ᠃

ᠪᠤᠷᠬᠠᠨ ᠪᠤᠭᠤᠳᠠᠢ ᠠᠭᠤᠯᠠ ᠢᠢᠨ ᠨᠠᠮ ᠪᠣᠭᠳᠠ ᠢᠢᠨ ᠣᠷᠣᠢ ᠳᠠᠬᠢ ᠪᠤᠭᠤᠳᠠᠢ ᠬᠡᠯᠪᠡᠷᠢ ᠢᠢᠨ ᠤᠯᠠᠭᠠᠨ ᠴᠢᠯᠠᠭᠤ ᠢᠢ ᠨᠤᠲᠤᠭ ᠤᠨ ᠠᠷᠠᠳ ᠤᠳ ᠡᠷᠲᠡ ᠳᠡᠭᠡᠷ᠎ᠡ ᠦᠶ ᠡ ᠡᠴᠡ ᠲᠠᠬᠢᠨ ᠰᠢᠲᠦᠵᠦ ᠢᠷᠡᠵᠡᠢ᠃