ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠪᠤᠶᠤ 2018 ᠣᠨ ᠤ ᠵᠢᠷᠭᠤᠳᠤᠭᠠᠷ ᠰᠠᠷ᠎ᠠ ᠢᠢᠨ 28 ᠍ ᠤ ᠡᠳᠦᠷ ᠦᠨ ᠤᠯᠤᠰ ᠤᠨ ᠶᠡᠬᠡ ᠬᠤᠷᠠᠯ ᠤᠨ ᠴᠢᠭᠤᠯᠭᠠᠨ ᠤ ᠦᠳᠡ ᠡᠴᠡ ᠬᠣᠢᠢᠰᠢᠬᠢ ᠨᠢᠭᠡᠳᠦᠭᠰᠡᠨ ᠬᠤᠷᠠᠯᠳᠤᠭᠠᠨ ᠳᠤ ᠣᠷᠣᠯᠴᠠᠵᠤ᠂ ᠦᠭᠡ ᠬᠡᠯᠡᠯ᠎ᠡ᠃ ᠬᠡᠯᠡᠭᠰᠡᠨ ᠦᠭᠡ ᠢᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃
ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄
《ᠤᠯᠤᠰ ᠤᠨ ᠶᠡᠬᠡ ᠬᠤᠷᠠᠯ ᠤᠨ ᠳᠠᠷᠤᠭ᠎ᠠ᠂ ᠶᠡᠷᠦᠩᠬᠡᠢ ᠰᠠᠢᠢᠳ᠂ ᠡᠷᠬᠢᠮ ᠭᠡᠰᠢᠭᠦᠳ ᠲᠠ ᠪᠦᠬᠦᠨ ᠳᠥ ᠤᠯᠤᠰ ᠤᠨ ᠶᠡᠬᠡ ᠬᠤᠷᠠᠯ ᠤᠨ ᠴᠢᠭᠤᠯᠭᠠᠨ ᠤ ᠦᠢᠯᠡ ᠠᠵᠢᠯᠯᠠᠭ᠎ᠠ ᠲᠠᠢ ᠬᠣᠯᠪᠣᠭᠠᠲᠠᠢ ᠦᠭᠡ ᠬᠡᠯᠡᠶ᠎ᠡ᠃
ᠬᠡᠦᠬᠡᠳ ᠪᠠᠭᠠᠴᠤᠳ ᠤᠨ ᠡᠷᠡᠭᠦᠯ᠂ ᠠᠮᠢᠳᠤ ᠶᠠᠪᠤᠬᠤ ᠡᠷᠬᠡ ᠨᠣᠴᠢᠲᠠᠢ ᠵᠥᠷᠢᠴᠡᠭᠳᠡᠭᠰᠡᠨ ᠬᠡᠷᠡᠭ ᠦᠳ ᠳᠠᠷᠠᠭᠠᠯᠠᠨ ᠭᠠᠷᠴᠤ᠂ ᠨᠡᠢᠢᠭᠡᠮ ᠢ ᠪᠤᠬᠢᠨᠢᠳᠤᠭᠤᠯᠵᠤ᠂ ᠴᠣᠴᠢᠷᠠᠭᠠᠵᠤ ᠪᠠᠢᠢᠭ᠎ᠠ ᠡᠨᠡ ᠦᠶᠡᠰ ᠲᠥ ᠲᠠ ᠪᠦᠬᠦᠨ ᠳᠥ ᠬᠠᠨᠳᠤᠵᠤ ᠦᠭᠡ ᠬᠡᠯᠡᠬᠦ ᠡᠴᠡ ᠠᠷᠭ᠎ᠠ ᠦᠭᠡᠢ ᠳᠥ ᠬᠦᠷᠡᠯᠡ᠃
ᠶᠠᠭᠤᠨ ᠤ ᠡᠮᠦᠨ᠎ᠡ ᠬᠠᠷᠢᠭᠤᠴᠠᠯᠭ᠎ᠠ ᠦᠭᠡᠢ ᠠᠯᠪᠠᠨ ᠲᠤᠰᠢᠶᠠᠯᠲᠠᠨ᠂ ᠠᠵᠤ ᠠᠬᠤᠢ ᠡᠷᠬᠢᠯᠡᠬᠦ ᠴᠠᠯᠠᠭᠠᠷ ᠨᠠᠵᠠᠭᠠᠢ ᠬᠠᠨᠳᠤᠯᠭ᠎ᠠ᠂ ᠬᠥᠳᠡᠯᠮᠦᠷᠢ ᠢᠢᠨ ᠠᠶᠤᠯ ᠦᠭᠡᠢ ᠪᠠᠢᠢᠳᠠᠯ ᠢ ᠬᠠᠩᠭ᠋ᠠᠬᠤ ᠠᠰᠠᠭᠤᠳᠠᠯ ᠳᠤ ᠬᠣᠢᠢᠷᠭᠣ ᠬᠠᠨᠳᠤᠳᠠᠭ ᠲᠦᠭᠡᠮᠡᠯ ᠦᠵᠡᠭᠳᠡᠯ ᠦᠨ ᠵᠣᠯᠢᠶᠠᠰᠤ ᠪᠣᠯᠵᠤ ᠴᠠᠭ ᠪᠤᠰᠤ ᠪᠠᠷ ᠠᠮᠢ ᠦᠷᠡᠭᠳᠡᠭᠰᠡᠨ ᠪᠢᠴᠢᠬᠠᠨ ᠦᠷᠡᠰ ᠦᠨ ᠭᠡᠷ ᠪᠦᠯᠢ᠂ ᠣᠢᠢᠷ᠎ᠠ ᠳᠣᠲᠣᠨᠤ ᠢᠢᠨ ᠬᠢᠨ ᠳᠤ ᠡᠮᠭᠡᠨᠢᠯ ᠢᠯᠡᠷᠬᠡᠢᠢᠯᠡᠶ᠎ᠡ᠃
ᠰᠡᠭᠦᠯ ᠦᠨ ᠦᠶ᠎ᠡ ᠳᠥ ᠳᠠᠷᠠᠭᠠᠯᠠᠨ ᠭᠠᠷᠤᠭᠰᠠᠨ ᠡᠮᠭᠡᠨᠢᠯᠳᠥ ᠬᠡᠷᠡᠭ ᠦᠳ ᠪᠣᠯ ᠬᠡᠦᠬᠡᠳ ᠬᠠᠮᠠᠭᠠᠯᠠᠯ ᠤᠨ ᠪᠣᠳᠣᠯᠭ᠎ᠠ ᠣᠷᠬᠢᠭᠳᠠᠭᠰᠠᠨ᠂ ᠬᠡᠦᠬᠡᠳ ᠦᠨ ᠬᠦᠴᠦᠷᠬᠡᠢᠢᠯᠡᠯ ᠦᠨ ᠡᠰᠡᠷᠭᠦ ᠲᠥᠷᠥ ᠳᠣᠷᠪᠢᠲᠠᠢ ᠦᠢᠯᠡ ᠠᠵᠢᠯᠯᠠᠭ᠎ᠠ ᠶᠠᠪᠤᠭᠤᠯᠬᠤ ᠦᠭᠡᠢ ᠪᠠᠢᠢᠭ᠎ᠠ᠂ ᠠᠰᠠᠭᠤᠳᠠᠯ ᠤᠳ ᠳᠠᠯᠳᠠᠭᠤᠷ ᠬᠤᠷᠠᠮᠲᠤᠯᠠᠭᠳᠠᠨ ᠤᠵᠢᠭᠷᠠᠵᠤ᠂ ᠪᠤᠭᠰᠢᠭᠰᠠᠨ ᠤ ᠢᠯᠡ ᠭᠠᠷᠴᠤ ᠪᠤᠢ ᠦᠵᠡᠭᠳᠡᠯ ᠦᠳ ᠶᠤᠮ᠃ ᠪᠢ ᠶᠡᠷᠦᠩᠬᠡᠢᠢᠯᠡᠭᠴᠢ ᠢᠢᠨ ᠠᠯᠪᠠ ᠢᠢ ᠬᠦᠯᠢᠶᠡᠨ ᠠᠪᠤᠭᠰᠠᠨ ᠠᠴᠠ ᠬᠣᠢᠢᠰᠢ ᠰᠡᠭᠦᠯ ᠦᠨ ᠨᠢᠭᠡ ᠵᠢᠯ ᠦᠨ ᠲᠤᠷᠰᠢ ᠡᠳᠦᠷ ᠪᠦᠷᠢ ᠰᠢᠬᠠᠭᠤ ᠭᠡᠮᠲᠦ ᠬᠡᠷᠡᠭ᠂ ᠬᠠᠷᠢᠭᠤᠴᠠᠯᠭ᠎ᠠ ᠦᠭᠡᠢ ᠪᠠᠢᠢᠳᠠᠯ ᠤᠨ ᠤᠯᠠᠮ ᠠᠴᠠ ᠬᠡᠦᠬᠡᠳ ᠠᠮᠢ ᠨᠠᠰᠤ᠂ ᠡᠷᠡᠭᠦᠯ ᠮᠡᠨᠳᠦ ᠪᠡᠷ ᠢᠶᠡᠨ ᠬᠣᠬᠢᠷᠠᠭᠰᠠᠨ ᠲᠠᠯᠠᠭᠠᠷᠬᠢ ᠮᠡᠳᠡᠭᠡᠯᠡᠯ ᠥᠷᠯᠥᠭᠡ ᠪᠣᠯᠭᠠᠨ ᠬᠦᠯᠢᠶᠡᠨ ᠠᠪᠴᠤ ᠪᠠᠢᠢᠨ᠎ᠠ᠃
ᠰᠡᠳᠬᠢᠯ ᠲᠦᠭᠰᠢᠬᠦ ᠡᠴᠡ ᠠᠷᠭ᠎ᠠ ᠦᠭᠡᠢ ᠲᠣᠭ᠎ᠠ ᠪᠠᠷᠢᠮᠲᠠ ᠨᠤᠭᠤᠳ ᠢ ᠳᠤᠷᠠᠳᠤᠶ᠎ᠠ᠃ 2017 ᠣᠨ ᠳᠤ 1692 ᠭᠡᠮᠲᠦ ᠬᠡᠷᠡᠭ ᠦᠨ ᠤᠯᠠᠮ ᠠᠴᠠ 1752 ᠬᠡᠦᠬᠡᠳ ᠬᠣᠬᠢᠷᠠᠵᠤ᠂ 2018 ᠣᠨ ᠭᠠᠷᠤᠭᠰᠠᠭᠠᠷ ᠭᠡᠮᠲᠦ ᠬᠡᠷᠡᠭ ᠦᠨ ᠤᠯᠠᠮ ᠠᠴᠠ ᠬᠣᠬᠢᠷᠠᠭᠰᠠᠨ ᠬᠡᠦᠬᠡᠳ ᠦᠨ ᠲᠣᠭ᠎ᠠ ᠡᠮᠦᠨᠡᠬᠢ ᠵᠢᠯ ᠦᠨ ᠮᠥᠨ ᠦᠶ᠎ᠡ ᠢᠢᠨ ᠬᠢ ᠡᠴᠡ 40 ᠬᠤᠪᠢ ᠪᠠᠷ ᠥᠰᠴᠠᠢ᠃ ᠥᠩᠭᠡᠷᠡᠭᠰᠡᠨ ᠵᠢᠯ ᠵᠣᠯ ᠦᠭᠡᠢ ᠪᠠᠢᠢᠳᠠᠯ ᠢᠶᠠᠷ 127 ᠬᠡᠦᠬᠡᠳ ᠨᠠᠰᠤ ᠪᠠᠷᠠᠭᠰᠠᠨ ᠤ 55 ᠨᠢ ᠵᠠᠮ ᠲᠡᠭᠡᠭᠡᠪᠦᠷᠢ ᠢᠢᠨ ᠣᠰᠣᠯ ᠳᠤ ᠥᠷᠲᠦᠭᠰᠡᠨ ᠪᠠᠢᠢᠨ᠎ᠠ᠃ ᠥᠰᠪᠦᠷᠢ ᠨᠠᠰᠤᠨ ᠤ ᠬᠢᠨ ᠠᠮᠢ ᠪᠠᠨ ᠬᠣᠣᠷᠯᠠᠭᠰᠠᠨ ᠲᠣᠬᠢᠶᠠᠯᠳᠤᠯ ᠰᠡᠭᠦᠯ ᠦᠨ 4 ᠵᠢᠯ ᠳᠥ 200 ᠍- ᠊ᠭᠠᠳ ᠭᠠᠷᠴᠠᠢ᠃ 187 ᠬᠡᠦᠬᠡᠳ ᠪᠡᠯᠭᠡ ᠢᠢᠨ ᠬᠦᠴᠦᠷᠬᠡᠢᠢᠯᠡᠯ ᠳᠥ ᠥᠷᠲᠦᠭᠰᠡᠨ᠃ ᠲᠡᠳᠡᠨ ᠦ ᠳᠤᠮᠳᠠ ᠨᠢᠯᠬ᠎ᠠ ᠪᠠᠯᠴᠢᠷ ᠬᠡᠦᠬᠡᠳ ᠦᠨ ᠲᠣᠭ᠎ᠠ ᠥᠰᠬᠦ ᠬᠠᠨᠳᠤᠯᠭ᠎ᠠ ᠲᠠᠢ ᠪᠣᠯᠤᠭᠰᠠᠨ᠃ 948 ᠬᠡᠦᠬᠡᠳ ᠭᠡᠮᠲᠦ ᠬᠡᠷᠡᠭ ᠦᠢᠯᠡᠳᠴᠦ ᠡᠷᠡᠭᠦᠦ ᠢᠢᠨ ᠬᠠᠷᠢᠭᠤᠴᠠᠯᠭ᠎ᠠ ᠬᠦᠯᠢᠶᠡᠭᠰᠡᠨ ᠦ ᠳᠣᠲᠣᠷ᠎ᠠ ᠬᠤᠯᠠᠭᠠᠢ ᠢᠢᠨ ᠬᠡᠷᠡᠭ 40 ᠭᠠᠷᠤᠢ ᠬᠤᠪᠢ ᠢ ᠡᠵᠡᠯᠡᠵᠦ ᠪᠠᠢᠢᠨ᠎ᠠ᠃
ᠡᠨᠡ ᠪᠦᠬᠦᠨ ᠦ ᠨᠡᠢᠢᠭᠡᠮ ᠤᠨ ᠤᠭ ᠦᠨᠳᠦᠰᠦ᠂ ᠰᠢᠯᠲᠠᠭᠠᠨ ᠨᠢ ᠶᠠᠳᠠᠭᠤᠷᠠᠯ᠂ ᠠᠵᠢᠯᠭᠦᠢᠢᠳᠡᠯ ᠳᠥ ᠣᠷᠣᠰᠢᠵᠤ ᠪᠠᠢᠢᠭ᠎ᠠ᠂ ᠬᠠᠤᠯᠢ ᠬᠡᠷᠡᠭᠵᠢᠳᠡᠭ ᠦᠭᠡᠢ᠂ ᠲᠥᠷᠥ ᠢᠢᠨ ᠠᠯᠪᠠᠨ ᠳᠤ ᠪᠦᠬᠦᠯᠢ ᠳᠥ ᠪᠡᠨ ᠬᠠᠷᠢᠭᠤᠴᠠᠯᠭ᠎ᠠ ᠦᠭᠡᠢ ᠪᠠᠢᠢᠳᠠᠯ ᠨᠣᠶᠠᠯᠠᠭᠰᠠᠨ ᠳᠤ ᠣᠷᠣᠰᠢᠵᠤ ᠪᠠᠢᠢᠭ᠎ᠠ᠃ ᠡᠨᠡ ᠪᠦᠬᠦ ᠬᠠᠷᠢᠭᠤᠴᠠᠯᠭ᠎ᠠ ᠦᠭᠡᠢ᠂ ᠵᠣᠯ ᠦᠭᠡᠢ ᠶᠠᠪᠤᠳᠠᠯ ᠤᠳ ᠨᠢ ᠬᠡᠦᠬᠡᠳ ᠲᠥ ᠡᠭᠡᠯᠢᠲᠡᠢ ᠣᠷᠴᠢᠨ ᠢ ᠪᠦᠷᠢᠳᠦᠭᠦᠯᠬᠦ᠂ ᠬᠡᠦᠬᠡᠳ ᠦᠨ ᠠᠶᠤᠯ ᠦᠭᠡᠢ ᠪᠠᠢᠢᠳᠠᠯ ᠢ ᠬᠠᠩᠭ᠋ᠠᠬᠤ ᠲᠠᠯ᠎ᠠ ᠪᠠᠷ ᠲᠥᠷᠥ ᠡᠴᠡ ᠳᠣᠷᠪᠢᠲᠠᠢ ᠪᠣᠳᠣᠯᠭ᠎ᠠ᠂ ᠰᠢᠢᠳᠦᠯ ᠭᠠᠷᠭᠠᠬᠤ ᠦᠭᠡᠢ᠂ ᠬᠠᠷᠢᠭᠤᠴᠠᠯᠭ᠎ᠠ ᠢᠢᠨ ᠲᠣᠭᠲᠠᠯᠴᠠᠭ᠎ᠠ ᠢᠢ ᠠᠵᠢᠯᠯᠠᠭᠤᠯᠬᠤ ᠦᠭᠡᠢ ᠪᠠᠢᠢᠭ᠎ᠠ ᠢᠢᠨ ᠯᠠ ᠦᠷ᠎ᠡ ᠳᠠᠭᠠᠪᠤᠷᠢ ᠭᠡᠵᠦ ᠦᠵᠡᠬᠦ ᠡᠴᠡ ᠥᠭᠡᠷ᠎ᠡ ᠲᠠᠢᠢᠯᠪᠤᠷᠢ ᠣᠯᠳᠠᠬᠤ ᠦᠭᠡᠢ ᠪᠠᠢᠢᠨ᠎ᠠ᠃ ᠤᠴᠢᠷ ᠡᠢᠢᠮᠦ ᠳᠥ ᠨᠡᠩ ᠶᠠᠭᠠᠷᠠᠯᠲᠠᠢ ᠪᠠᠷ ᠳᠠᠷᠠᠭᠠᠬᠢ ᠠᠷᠭ᠎ᠠ ᠬᠡᠮᠵᠢᠶ᠎ᠡ ᠨᠦᠭᠦᠳ ᠢ ᠠᠪᠴᠤ ᠬᠡᠷᠡᠭᠵᠢᠭᠦᠯᠬᠦ ᠶᠣᠰᠣᠲᠠᠢ᠃ ᠡᠭᠦᠨ ᠳᠥ᠄
ᠨᠢᠭᠡ᠂ ᠬᠡᠦᠬᠡᠳ ᠬᠠᠮᠠᠭᠠᠯᠠᠯ ᠤᠨ ᠬᠠᠤᠯᠢ ᠪᠣᠯᠤᠨ ᠬᠡᠦᠬᠡᠳ ᠦᠨ ᠡᠷᠬᠡ ᠢᠢᠨ ᠲᠤᠬᠠᠢ ᠬᠠᠤᠯᠢ ᠳᠤ ᠬᠡᠦᠬᠡᠳ ᠬᠠᠮᠠᠭᠠᠯᠠᠯ ᠤᠨ ᠰᠲ᠋ᠠᠨ᠋ᠳᠠᠷᠲ ᠢ ᠮᠥᠷᠳᠡᠭᠦᠯᠬᠦ᠂ ᠡᠭᠡᠯᠢᠲᠡᠢ ᠣᠷᠴᠢᠨ ᠪᠦᠷᠢᠳᠦᠭᠦᠯᠬᠦ ᠬᠡᠮ ᠬᠡᠮᠵᠢᠶ᠎ᠡ ᠢᠢ ᠪᠤᠢ ᠪᠣᠯᠭᠠᠬᠤ ᠲᠠᠯ᠎ᠠ ᠪᠠᠷ ᠵᠢᠭᠠᠭᠰᠠᠨ ᠬᠢᠷᠢ ᠨᠢ ᠪᠡᠨ ᠥᠨᠥᠳᠥᠷ ᠢ ᠬᠦᠷᠲᠡᠯ᠎ᠡ ᠰᠲ᠋ᠠᠨ᠋ᠳᠠᠷᠲ᠂ ᠬᠡᠮ ᠬᠡᠮᠵᠢᠶ᠎ᠡ ᠪᠡᠨ ᠪᠣᠯᠪᠠᠰᠤᠷᠠᠭᠤᠯᠤᠭ᠎ᠠ ᠦᠭᠡᠢ᠂ ᠮᠥᠷᠳᠡᠯᠭᠡ ᠪᠣᠯᠭᠠᠭ᠎ᠠ ᠦᠭᠡᠢ ᠪᠠᠢᠢᠭ᠎ᠠ ᠢᠢ ᠠᠩᠬᠠᠷᠤᠯ ᠳᠤ ᠪᠠᠨ ᠠᠪᠴᠤ ᠨᠡᠩ ᠶᠠᠭᠠᠷᠠᠯ ᠲᠠᠢ ᠭᠣᠷᠢᠮ ᠢᠶᠠᠷ ᠰᠲ᠋ᠠᠨ᠋ᠳᠠᠷᠲ ᠢ ᠪᠣᠯᠪᠠᠰᠤᠷᠠᠭᠤᠯᠵᠤ ᠪᠠᠲᠤᠯᠠᠬᠤ᠂ ᠬᠡᠷᠡᠭᠵᠢᠭᠦᠯᠬᠦ ᠵᠢᠷᠤᠮ ᠢ ᠭᠠᠷᠭᠠᠬᠤ᠂ ᠮᠥᠷᠳᠡᠭᠦᠯᠬᠦ ᠱᠠᠭᠠᠷᠳᠠᠯᠭ᠎ᠠ ᠲᠠᠢ ᠪᠠᠢᠢᠨ᠎ᠠ᠃
ᠬᠣᠶᠠᠷ᠂ ᠮᠡᠷᠭᠡᠵᠢᠯ ᠦᠨ ᠬᠢᠨᠠᠯᠲᠠ ᠢᠢᠨ ᠭᠠᠵᠠᠷ᠂ ᠪᠣᠯᠪᠠᠰᠤᠷᠠᠯ ᠂ ᠰᠤᠶᠤᠯ ᠂ ᠰᠢᠨᠵᠢᠯᠡᠬᠦ ᠤᠬᠠᠭᠠᠨ ᠤ ᠶᠠᠮᠤ᠂ ᠶᠡᠷᠦᠩᠬᠡᠢ ᠰᠠᠢᠢᠳ ᠤᠨ ᠳᠡᠷᠭᠡᠳᠡᠬᠢ ᠬᠡᠦᠬᠡᠳ ᠬᠠᠮᠠᠭᠠᠯᠠᠯ ᠤᠨ ᠵᠥᠪᠯᠡᠯ᠂ ᠴᠠᠭᠳᠠᠭ᠎ᠠ ᠢᠢᠨ ᠶᠡᠷᠦᠩᠬᠡᠢ ᠭᠠᠵᠠᠷ᠂ ᠭᠡᠷ ᠪᠦᠯᠢ᠂ ᠬᠡᠦᠬᠡᠳ ᠵᠠᠯᠠᠭᠤᠴᠤᠳ ᠤᠨ ᠬᠥᠭ᠍ᠵᠢᠯ ᠦᠨ ᠭᠠᠵᠠᠷ ᠵᠡᠷᠭᠡ ᠬᠡᠦᠬᠡᠳ ᠬᠠᠮᠠᠭᠠᠯᠠᠯ ᠤᠨ ᠦᠢᠯᠡ ᠠᠵᠢᠯᠯᠠᠭᠠᠨ ᠳᠤ ᠬᠣᠯᠪᠣᠭᠳᠠᠬᠤ ᠪᠠᠢᠢᠭᠤᠯᠤᠯᠭ᠎ᠠ᠂ ᠪᠦᠲᠦᠴᠡ ᠨᠦᠭᠦᠳ ᠬᠠᠮᠲᠤᠷᠠᠨ ᠰᠤᠷᠭᠠᠭᠤᠯᠢ᠂ ᠴᠡᠴᠡᠷᠯᠢᠭ᠂ ᠰᠤᠷᠭᠠᠯᠲᠠ ᠢᠢᠨ ᠣᠷᠴᠢᠨ᠂ ᠬᠡᠦᠬᠡᠳ ᠦᠨ ᠲᠣᠭᠯᠠᠭᠠᠮ ᠤᠨ ᠲᠠᠯᠠᠪᠠᠢ᠂ ᠬᠡᠦᠬᠡᠳ ᠲᠥ ᠬᠠᠮᠢᠶᠠᠲᠠᠢ ᠪᠦᠬᠦ ᠤᠷᠴᠢᠨ ᠳᠤ ᠦᠵᠡᠯᠭᠡ ᠰᠢᠯᠭᠠᠯᠲᠠ ᠬᠢᠵᠦ᠂ ᠠᠶᠤᠯ ᠦᠭᠡᠢ ᠪᠠᠢᠢᠳᠠᠯ ᠢ ᠬᠠᠩᠭ᠋ᠠᠬᠤ ᠠᠷᠭ᠎ᠠ ᠬᠡᠮᠵᠢᠶ᠎ᠡ ᠢᠢ ᠠᠪᠴᠤ ᠬᠡᠷᠡᠭᠵᠢᠭᠦᠯᠦᠨ 2018-2019 ᠣᠨ ᠤ ᠬᠢᠴᠢᠶᠡᠯ ᠦᠨ ᠰᠢᠨ᠎ᠡ ᠵᠢᠯ ᠡᠬᠢᠯᠡᠬᠦ ᠡᠴᠡ ᠡᠮᠦᠨ᠎ᠡ ᠲᠠᠢᠢᠯᠤᠩᠨᠠᠬᠤ ᠢᠢ ᠠᠩᠬᠠᠷᠤᠭᠤᠯᠤᠶᠠ᠃
ᠭᠤᠷᠪᠠ᠂ ᠵᠠᠰᠠᠭ ᠤᠨ ᠭᠠᠵᠠᠷ ᠤᠨ 2011 ᠣᠨ ᠤ 153 ᠳ᠋ᠤᠭᠠᠷ ᠲᠣᠭᠲᠠᠭᠠᠯ ᠤᠨ ᠳᠠᠭᠠᠭᠤ ᠴᠠᠭᠳᠠᠭ᠎ᠠ ᠢᠢᠨ ᠪᠠᠢᠢᠭᠤᠯᠤᠯᠭ᠎ᠠ ᠳᠤ 4 ᠮᠢᠩᠭ᠋ᠠᠨ ᠬᠦᠮᠦᠨ ᠲᠤᠲᠤᠮ ᠳᠤ ᠨᠢᠭᠡ ᠬᠡᠰᠡᠭ ᠦᠨ ᠪᠠᠢᠢᠴᠠᠭᠠᠭᠴᠢ ᠠᠵᠢᠯᠯᠠᠬᠤ ᠵᠢᠱᠢᠭ ᠨᠣᠷᠮᠠᠲ᠋ᠢᠸ ᠢ ᠲᠣᠭᠲᠠᠭᠠᠭᠰᠠᠨ᠃ ᠭᠡᠲᠡᠯ᠎ᠡ ᠥᠨᠥ ᠢᠢᠨ ᠪᠠᠢᠢᠳᠠᠯ ᠢᠶᠠᠷ 17 ᠮᠢᠩᠭ᠋᠎ᠠ ᠠᠴᠠ 19 ᠮᠢᠩᠭ᠋ᠠᠨ ᠬᠡᠦᠬᠡᠳ ᠲᠥ ᠨᠢᠭᠡ ᠴᠠᠭᠳᠠᠭ᠎ᠠ ᠢᠢᠨ ᠠᠯᠪᠠᠨ ᠬᠠᠭᠠᠭᠴᠢ ᠨᠣᠭᠳᠠᠵᠤ ᠪᠠᠢᠢᠨ᠎ᠠ᠃ ᠡᠨᠡ ᠨᠢ ᠴᠠᠭᠳᠠᠭ᠎ᠠ ᠢᠢᠨ ᠠᠯᠪᠠᠨ ᠬᠠᠭᠠᠭᠴᠢᠳ ᠤᠨ ᠵᠦᠭ ᠡᠴᠡ ᠭᠡᠮᠲᠦ ᠬᠡᠷᠡᠭ ᠡᠴᠡ ᠤᠷᠢᠳᠴᠢᠯᠠᠨ ᠰᠡᠷᠭᠡᠢᠢᠯᠡᠬᠦ ᠠᠵᠢᠯ ᠳᠤ ᠴᠠᠭ᠂ ᠬᠦᠴᠦ ᠬᠦᠷᠦᠯᠴᠡᠬᠦ ᠦᠭᠡᠢ ᠪᠠᠢᠢᠬᠤ ᠨᠥᠬᠥᠴᠡᠯ ᠢ ᠪᠦᠷᠢᠳᠦᠭᠦᠯᠵᠦ ᠪᠠᠢᠢᠭ᠎ᠠ ᠶᠤᠮ᠃ ᠲᠥᠰᠥᠪ ᠦᠨ ᠪᠣᠯᠤᠮᠵᠢ ᠮᠠᠭᠤ ᠪᠠᠢᠢᠭ᠎ᠠ ᠨᠥᠬᠥᠴᠡᠯ ᠳᠥ ᠢᠷᠭᠡᠳ ᠢ ᠭᠡᠮᠲᠦ ᠬᠡᠷᠡᠭ ᠡᠴᠡ ᠤᠷᠢᠳᠴᠢᠯᠠᠨ ᠰᠡᠷᠭᠡᠢᠢᠯᠡᠬᠦ ᠠᠵᠢᠯ ᠳᠤ ᠲᠠᠲᠠᠨ ᠣᠷᠤᠯᠴᠠᠭᠤᠯᠬᠤ᠂ ᠢᠷᠭᠡᠳ ᠦᠨ ᠨᠥᠬᠥᠷᠯᠡᠯ᠂ ᠰᠦᠯᠵᠢᠶ᠎ᠡ ᠢᠢ ᠪᠥᠷᠢᠯᠳᠦᠭᠦᠯᠦᠨ ᠲᠤᠰᠠᠯᠠᠯᠴᠠᠭᠤᠯᠬᠤ ᠱᠠᠭᠠᠷᠳᠠᠯᠭ᠎ᠠ ᠲᠤᠯᠭᠠᠷᠠᠵᠤ ᠪᠠᠢᠢᠨ᠎ᠠ᠃ ᠭᠡᠮᠲᠦ ᠬᠡᠷᠡᠭ ᠭᠠᠷᠬᠤ ᠨᠥᠬᠥᠴᠡᠯ ᠢ ᠠᠷᠢᠯᠭᠠᠭᠰᠠᠨ᠂ ᠬᠣᠣᠷ ᠤᠷᠰᠢᠭ ᠢ ᠵᠠᠢᠢᠯᠠᠭᠤᠯᠤᠭᠰᠠᠨ᠂ ᠪᠤᠰᠤᠳ ᠤᠨ ᠠᠮᠤᠷ ᠠᠮᠤᠭᠤᠯᠠᠩ ᠢ ᠰᠠᠬᠢᠭᠤᠯᠬᠤ ᠳᠤ ᠢᠷᠭᠡᠨ ᠦ ᠡᠭᠦᠷᠭᠡ ᠪᠡᠨ ᠨᠡᠷ᠎ᠡ ᠲᠥᠷᠥ ᠲᠡᠢ ᠪᠡᠷ ᠪᠡᠶᠡᠯᠡᠭᠦᠯᠦᠭᠰᠡᠨ ᠰᠠᠢᠢᠨ ᠳᠤᠷ᠎ᠠ ᠢᠢᠨ ᠨᠥᠬᠥᠷᠯᠡᠯ᠂ ᠢᠷᠭᠡᠳ ᠢ ᠰᠠᠢᠢᠰᠢᠶᠠᠵᠤ ᠤᠷᠮᠠᠰᠢᠭᠤᠯᠬᠤ ᠠᠵᠢᠯ ᠳᠤ ᠶᠠᠫᠣᠨ ᠪᠣᠯᠤᠨ ᠵᠡᠭᠦᠨ ᠡᠮᠦᠨᠡᠲᠦ ᠠᠽᠢᠶ᠎ᠠ ᠢᠢᠨ ᠣᠷᠣᠨ ᠨᠤᠭᠤᠳ ᠤᠨ ᠰᠠᠢᠢᠨ ᠲᠤᠷᠰᠢᠯᠭ᠎ᠠ ᠢᠢ ᠨᠡᠪᠲᠡᠷᠡᠭᠦᠯᠬᠦ᠂ ᠵᠥᠷᠢᠴᠡᠯ ᠦᠨ ᠲᠤᠬᠠᠢ ᠬᠠᠤᠯᠢ ᠳᠤ ᠣᠷᠣᠭᠤᠯᠵᠤ᠂ ᠬᠠᠤᠯᠢᠴᠢᠯᠠᠬᠤ ᠢᠢ ᠲᠠ ᠪᠦᠬᠦᠨ ᠡᠴᠡ ᠬᠦᠰᠡᠶ᠎ᠡ᠃
ᠳᠥᠷᠪᠡ᠂ ᠡᠴᠢᠭᠡ ᠡᠬᠡ᠂ ᠠᠰᠠᠷᠠᠨ ᠬᠦᠮᠦᠵᠢᠭᠦᠯᠦᠭᠴᠢᠳ ᠲᠥ ᠬᠠᠨᠳᠤᠭᠰᠠᠨ ᠬᠡᠦᠬᠡᠳ ᠦᠨ ᠠᠶᠤᠯ ᠦᠭᠡᠢ ᠪᠠᠢᠢᠳᠠᠯ ᠢ ᠬᠠᠩᠭ᠋ᠠᠬᠤ᠂ ᠤᠷᠢᠳᠴᠢᠯᠠᠨ ᠰᠡᠷᠭᠡᠢᠢᠯᠡᠬᠦ ᠨᠥᠬᠥᠴᠡᠯ ᠢ ᠪᠦᠷᠢᠳᠦᠭᠦᠯᠬᠦ ᠠᠩᠬᠠᠷᠤᠭᠤᠯᠭ᠎ᠠ᠂ ᠰᠠᠨᠠᠮᠵᠢ᠂ ᠰᠤᠷᠭᠠᠯᠲᠠ ᠵᠡᠷᠭᠡ ᠢᠢ ᠬᠡᠪᠯᠡᠯ ᠮᠡᠳᠡᠭᠡᠯᠡᠯ ᠦᠨ ᠬᠡᠷᠡᠭᠰᠡᠯ ᠢᠶᠡᠷ ᠵᠣᠬᠢᠶᠠᠨ ᠪᠠᠢᠢᠭᠤᠯᠵᠤ᠂ ᠥᠷᠨᠢᠭᠦᠯᠬᠦ ᠠᠵᠢᠯ ᠢ ᠬᠡᠦᠬᠡᠳ ᠲᠥ ᠡᠭᠡᠯᠢᠲᠡᠢ ᠣᠷᠴᠢᠨ ᠢ ᠪᠦᠷᠢᠯᠳᠦᠭᠦᠯᠬᠦ ᠡᠭᠦᠷᠭᠡ ᠲᠡᠢ ᠲᠥᠷᠥ ᠢᠢᠨ ᠪᠠᠢᠢᠭᠤᠯᠤᠯᠭ᠎ᠠ᠂ ᠠᠯᠪᠠᠨ ᠲᠤᠰᠢᠶᠠᠯᠲᠠᠨ ᠨᠤᠭᠤᠳ ᠤᠨ ᠵᠦᠭ ᠡᠴᠡ ᠥᠷᠨᠢᠭᠦᠯᠬᠦ ᠢᠢ ᠤᠷᠢᠶᠠᠯᠠᠵᠤ ᠪᠠᠢᠢᠨ᠎ᠠ᠃ ᠵᠢᠯ ᠳᠥ 2500 ᠬᠡᠦᠬᠡᠳ ᠬᠠᠯᠠᠭᠤᠨ ᠲᠣᠭᠣᠭᠠᠨ ᠳᠤ ᠲᠦᠯᠡᠭᠳᠡᠭᠰᠡᠨ᠂ ᠠᠬᠤᠢ ᠢᠢᠨ ᠣᠰᠣᠯ ᠳᠤ ᠥᠷᠲᠦᠭᠰᠡᠨ ᠮᠡᠳᠡᠭᠡ ᠪᠠᠢᠢᠭ᠎ᠠ ᠨᠢ ᠡᠴᠢᠭᠡ ᠡᠬᠡᠴᠦᠳ ᠲᠥ ᠬᠠᠷᠢᠭᠤᠴᠠᠯᠭ᠎ᠠ ᠢᠢ ᠨᠢ ᠤᠬᠠᠮᠰᠠᠷᠯᠠᠭᠤᠯᠬᠤ᠂ ᠠᠶᠤᠯ ᠦᠭᠡᠢ ᠣᠷᠴᠢᠨ ᠢ ᠬᠠᠩᠭ᠋ᠠᠬᠤ ᠭᠡᠭᠡᠷᠡᠯ ᠦᠨ ᠠᠵᠢᠯ ᠱᠠᠭᠠᠷᠳᠠᠯᠭ᠎ᠠ ᠲᠠᠢ ᠪᠠᠢᠢᠭ᠎ᠠ ᠢᠢ ᠬᠠᠷᠠᠭᠤᠯᠵᠤ ᠪᠠᠢᠢᠭ᠎ᠠ ᠶᠤᠮ᠃ ᠬᠡᠦᠬᠡᠳ ᠬᠠᠮᠠᠭᠠᠯᠠᠯ ᠪᠣᠯ ᠡᠴᠢᠭᠡ ᠡᠬᠡ ᠢᠢᠨ ᠲᠡᠳᠦᠢ ᠦᠭᠡᠢ ᠪᠦᠬᠦ ᠨᠡᠢᠢᠲᠡ ᠢᠢᠨ ᠦᠢᠯᠡᠰ ᠪᠣᠯᠬᠤ ᠢᠢ ᠤᠬᠠᠭᠤᠯᠤᠨ ᠰᠡᠩᠬᠡᠷᠡᠭᠦᠯᠬᠦ ᠰᠤᠷᠲᠠᠯᠴᠢᠯᠠᠭ᠎ᠠ ᠨᠥᠯᠥᠭᠡᠯᠡᠯ ᠦᠨ ᠠᠵᠢᠯ ᠢ ᠥᠷᠭᠡᠨ ᠢᠶᠡᠷ ᠶᠠᠪᠤᠭᠤᠯᠵᠤ ᠪᠠᠢᠢᠵᠤ ᠵᠣᠯ ᠦᠭᠡᠢ ᠶᠠᠪᠤᠳᠠᠯ ᠠᠴᠠ ᠰᠡᠷᠭᠡᠢᠢᠯᠡᠵᠦ ᠴᠢᠳᠠᠨ᠎ᠠ᠃ ᠡᠨᠡ ᠠᠵᠢᠯ ᠳᠤ ᠬᠡᠪᠯᠡᠯ ᠮᠡᠳᠡᠭᠡᠯᠡᠯ ᠦᠨ ᠪᠠᠢᠢᠭᠤᠯᠤᠯᠭ᠎ᠠ᠂ ᠬᠡᠷᠡᠭᠰᠡᠯ ᠦᠳ ᠢ ᠨᠡᠢᠢᠭᠡᠮ ᠤᠨ ᠬᠠᠷᠢᠭᠤᠴᠠᠯᠭ᠎ᠠ ᠪᠠᠨ ᠬᠡᠷᠡᠭᠵᠢᠭᠦᠯᠦᠨ ᠣᠷᠣᠯᠴᠠᠭᠠᠰᠠᠢ ᠬᠡᠮᠡᠨ ᠤᠷᠢᠶᠠᠯᠠᠵᠤ ᠪᠠᠢᠢᠨ᠎ᠠ᠃
ᠲᠠᠪᠤ᠂ 2012 ᠣᠨ ᠳᠤ ᠴᠠᠭᠳᠠᠭ᠎ᠠ ᠢᠢᠨ ᠪᠠᠢᠢᠭᠤᠯᠤᠯᠭ᠎ᠠ ᠢᠢᠨ 《ᠬᠡᠦᠬᠡᠳ ᠦᠨ ᠪᠠᠢᠢᠴᠠᠭᠠᠭᠴᠢ ᠢᠢᠨ》 ᠣᠷᠣᠨ ᠲᠣᠭ᠎ᠠ ᠢᠢ ᠴᠣᠮᠬᠠᠳᠬᠠᠭᠰᠠᠨ ᠠᠴᠠ ᠬᠣᠢᠢᠰᠢ ᠬᠡᠦᠬᠡᠳ ᠭᠡᠮᠲᠦ ᠬᠡᠷᠡᠭ ᠲᠥ ᠥᠷᠢᠲᠥᠬᠦ᠂ ᠦᠢᠯᠡᠳᠬᠦ ᠨᠢ ᠡᠷᠡᠰ ᠨᠡᠮᠡᠭᠳᠡᠵᠡᠢ᠃ ᠰᠡᠭᠦᠯ ᠦᠨ 3 ᠵᠢᠯ ᠦᠨ ᠪᠠᠢᠢᠳᠠᠯ ᠢᠶᠠᠷ 3633 ᠬᠡᠦᠬᠡᠳ ᠭᠡᠮᠲᠦ ᠬᠡᠷᠡᠭ ᠦᠢᠯᠡᠳᠴᠦ᠂ 4574 ᠬᠡᠦᠬᠡᠳ ᠭᠡᠮᠲᠦ ᠬᠡᠷᠡᠭ ᠦᠨ ᠵᠣᠯᠢᠶᠠᠰᠤ ᠪᠣᠯᠤᠭᠰᠠᠨ ᠪᠠᠢᠢᠨ᠎ᠠ᠃ 2017 ᠣᠨ ᠤ 11 ᠳᠦᠭᠡᠷ ᠰᠠᠷ᠎ᠠ ᠳᠤ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠠᠴᠠ ᠶᠠᠪᠤᠭᠤᠯᠤᠭᠰᠠᠨ ᠬᠡᠯᠡᠯᠴᠡᠭᠦᠯᠭᠡ ᠢᠢᠨ ᠮᠥᠷ ᠢᠶᠡᠷ ᠴᠠᠭᠳᠠᠭ᠎ᠠ ᠢᠢᠨ ᠲᠥᠪ ᠪᠠᠢᠢᠭᠤᠯᠤᠯᠭ᠎ᠠ ᠳᠤ ᠬᠡᠦᠬᠡᠳ ᠦᠨ ᠭᠡᠮᠲᠦ ᠬᠡᠷᠡᠭ ᠡᠴᠡ ᠤᠷᠢᠳᠴᠢᠯᠠᠨ ᠰᠡᠷᠭᠡᠢᠢᠯᠡᠬᠦ ᠨᠢᠭᠡᠴᠡ ᠪᠠᠢᠢᠭᠤᠯᠤᠭᠳᠠᠭᠰᠠᠨ ᠪᠥᠭᠡᠳ ᠥᠷᠭᠡᠵᠢᠭᠦᠯᠦᠨ ᠨᠡᠢᠢᠰᠯᠡᠯ᠂ ᠣᠷᠣᠨ ᠨᠤᠲᠤᠭ ᠤᠨ ᠴᠠᠭᠳᠠᠭ᠎ᠠ ᠢᠢᠨ ᠭᠠᠵᠠᠷ ᠤᠳ ᠲᠤ ᠡᠢᠢᠮᠦ ᠨᠢᠭᠡᠴᠡ ᠪᠠᠢᠢᠭᠤᠯᠬᠤ᠂ ᠣᠷᠣᠨ ᠲᠣᠭ᠎ᠠ ᠲᠥᠰᠥᠪ ᠢ ᠭᠠᠷᠭᠠᠵᠤ ᠥᠭ᠍ᠬᠦ ᠬᠡᠷᠡᠭᠴᠡᠭᠡ ᠱᠠᠭᠠᠷᠳᠠᠯᠭ᠎ᠠ ᠪᠤᠢ᠃ ᠬᠡᠦᠬᠡᠳ ᠭᠡᠮᠲᠦ ᠬᠡᠷᠡᠭ ᠲᠥ ᠶᠡᠬᠡ ᠪᠡᠷ ᠥᠷᠲᠦᠳᠡᠭ ᠴᠡᠭ ᠦᠳ ᠢ ᠺᠠᠮᠧᠷᠵᠢᠭᠤᠯᠬᠤ᠂ ᠡᠭᠦᠨ ᠦ ᠲᠤᠯᠠᠳᠠ ᠵᠠᠰᠠᠭ ᠤᠨ ᠭᠠᠵᠠᠷ ᠤᠨ 2017 ᠣᠨ ᠤ 312 ᠲᠣᠭᠠᠲᠤ ᠲᠣᠭᠲᠠᠭᠠᠯ ᠢ ᠬᠡᠷᠡᠭᠵᠢᠭᠦᠯᠵᠦ᠂ ᠬᠡᠦᠬᠡᠳ ᠬᠠᠮᠠᠭᠠᠯᠠᠯ ᠢ ᠰᠠᠢᠢᠵᠢᠷᠠᠭᠤᠯᠬᠤ ᠳᠤ ᠱᠠᠭᠠᠷᠳᠠᠭᠳᠠᠬᠤ ᠲᠥᠰᠥᠪ ᠢ ᠭᠠᠷᠭᠠᠬᠤ᠂ ᠨᠡᠮᠡᠭᠳᠡᠭᠦᠯᠬᠦ ᠵᠡᠷᠭᠡ ᠠᠷᠭ᠎ᠠ ᠬᠡᠮᠵᠢᠶ᠎ᠡ ᠢᠢ ᠨᠡᠩ ᠳᠠᠷᠤᠢ ᠠᠪᠴᠤ ᠬᠡᠷᠡᠭᠵᠢᠭᠦᠯᠬᠦ ᠢᠢ ᠲᠥᠷᠥ ᠢᠢᠨ ᠲᠡᠷᠢᠭᠦᠨ ᠦ ᠬᠤᠪᠢ ᠪᠠᠷ ᠠᠯᠪᠠᠨ ᠶᠣᠰᠣᠭᠠᠷ ᠲᠠ ᠪᠦᠬᠦᠨ ᠳᠥ ᠬᠠᠲᠠᠭᠤ ᠠᠩᠬᠠᠷᠤᠭᠤᠯᠤᠨ ᠬᠡᠯᠡᠵᠦ ᠪᠠᠢᠢᠨ᠎ᠠ᠃
ᠵᠢᠷᠭᠤᠭ᠎ᠠ᠂ ᠬᠡᠦᠬᠡᠳ ᠦᠨ ᠡᠷᠬᠡ ᠢᠢᠨ ᠲᠤᠬᠠᠢ ᠬᠠᠤᠯᠢ᠂ ᠬᠡᠦᠬᠡᠳ ᠬᠠᠮᠠᠭᠠᠯᠠᠯ ᠤᠨ ᠲᠤᠬᠠᠢ ᠬᠠᠤᠯᠢ᠂ ᠭᠡᠮᠲᠦ ᠬᠡᠷᠡᠭ ᠡᠴᠡ ᠤᠷᠢᠳᠴᠢᠯᠠᠨ ᠰᠡᠷᠭᠡᠢᠢᠯᠡᠬᠦ ᠬᠠᠤᠯᠢ ᠨᠤᠭᠤᠳ ᠲᠤ ᠵᠢᠭᠠᠭᠰᠠᠨ ᠤ ᠳᠠᠭᠠᠭᠤ ᠡᠳᠡᠭᠡᠷ ᠬᠠᠤᠯᠢ ᠨᠤᠭᠤᠳ ᠲᠤ ᠦᠨᠡᠯᠡᠭᠡ ᠬᠢᠯᠭᠡᠵᠦ᠂ ᠬᠡᠦᠬᠡᠳ ᠲᠥ ᠡᠭᠡᠯᠢᠲᠡᠢ ᠣᠷᠴᠢᠨ ᠢ ᠪᠦᠷᠢᠳᠦᠭᠦᠯᠬᠦ ᠲᠡᠢ ᠬᠣᠯᠪᠣᠭᠠᠲᠠᠢ ᠪᠠᠷ ᠠᠮᠢᠳᠤᠷᠠᠯ ᠠᠴᠠ ᠤᠷᠭᠤᠨ ᠭᠠᠷᠤᠭᠰᠠᠨ ᠵᠦᠢᠯᠡᠰ ᠢ ᠬᠠᠤᠯᠢ ᠳᠤ ᠨᠡᠮᠡᠵᠦ ᠰᠠᠭᠤᠯᠭᠠᠵᠤ ᠥᠭ᠍ᠬᠦ ᠠᠵᠢᠯ ᠢ ᠤᠯᠤᠰ ᠤᠨ ᠶᠡᠬᠡ ᠬᠤᠷᠠᠯ᠂ ᠲᠡᠭᠦᠨ ᠦ ᠪᠦᠲᠦᠴᠡ ᠢᠢᠨ ᠪᠠᠢᠢᠭᠤᠯᠤᠯᠭ᠎ᠠ ᠨᠤᠭᠤᠳ ᠨᠡᠩ ᠶᠠᠭᠠᠷᠠᠯ ᠲᠠᠢ ᠬᠢᠬᠦ ᠢᠢ ᠱᠠᠭᠠᠷᠳᠠᠵᠤ ᠪᠠᠢᠢᠨ᠎ᠠ᠃
ᠡᠷᠬᠢᠮ ᠭᠡᠰᠢᠭᠦᠳ ᠡ᠂ ᠲᠠ ᠪᠦᠬᠦᠨ ᠳᠥ ᠲᠤᠰᠬᠠᠢᠢᠯᠠᠨ ᠲᠠᠨᠢᠯᠴᠠᠭᠤᠯᠵᠤ ᠪᠠᠢᠢᠭ᠎ᠠ ᠳᠡᠭᠡᠷᠡᠬᠢ 6 ᠵᠦᠢᠯ ᠱᠠᠭᠠᠷᠳᠠᠯᠭ᠎ᠠ ᠢᠢᠨ ᠳᠠᠭᠠᠭᠤ ᠬᠢᠬᠦ᠂ ᠬᠡᠷᠡᠭᠵᠢᠭᠦᠯᠬᠦ ᠠᠵᠢᠯ ᠪᠦᠷᠢ ᠲᠡᠢ ᠪᠢ ᠪᠡᠶᠡᠴᠢᠯᠡᠨ ᠲᠠᠨᠢᠯᠴᠠᠵᠤ᠂ ᠬᠢᠨᠠᠯᠲᠠ ᠲᠠᠯᠪᠢᠵᠤ ᠠᠵᠢᠯᠯᠠᠯ᠎ᠠ᠃ ᠲᠠ ᠪᠦᠭᠦᠳᠡ ᠢᠢᠨ ᠰᠣᠩᠭ᠋ᠣᠭᠤᠯᠢᠳᠤ ᠬᠤᠭᠤᠴᠠᠭ᠎ᠠ ᠲᠠᠯ᠎ᠠ ᠳᠤ ᠪᠠᠨ ᠣᠷᠣᠯ᠎ᠠ᠃ ᠠᠮᠠᠯᠠᠭᠰᠠᠨ᠂ ᠮᠥᠷ ᠦᠨ ᠬᠥᠲᠥᠯᠪᠦᠷᠢ ᠳᠥ ᠪᠡᠨ ᠲᠤᠰᠬᠠᠭᠰᠠᠨ ᠠᠵᠢᠯ ᠤᠳ ᠢᠶᠠᠨ ᠬᠢᠬᠦ᠂ ᠬᠡᠷᠡᠭᠵᠢᠭᠦᠯᠬᠦ ᠢᠢ ᠰᠣᠩᠭ᠋ᠣᠭᠴᠢᠳ ᠲᠠᠨᠢ ᠬᠦᠯᠢᠶᠡᠵᠦ᠂ ᠱᠠᠭᠠᠷᠳᠠᠵᠤ ᠪᠠᠢᠢᠨ᠎ᠠ᠃ ᠲᠡᠢᠢᠮᠦ ᠤᠴᠢᠷ ᠠᠴᠠ ᠡᠩ ᠲᠡᠷᠢᠭᠦᠨ ᠳᠥ ᠬᠡᠦᠬᠡᠳ ᠪᠠᠭᠠᠴᠤᠳ ᠲᠤ ᠡᠭᠡᠯᠢᠲᠡᠢ ᠣᠷᠴᠢᠨ ᠢ ᠪᠦᠷᠢᠳᠦᠭᠦᠯᠬᠦ ᠢᠢᠨ ᠲᠥᠯᠥᠭᠡ ᠰᠡᠳᠬᠢᠯ ᠢᠶᠡᠨ ᠴᠢᠯᠡᠭᠡᠭᠡᠳ᠂ ᠰᠠᠨᠠᠭ᠎ᠠ ᠪᠠᠨ ᠨᠡᠢᠢᠯᠡᠭᠦᠯᠦᠭᠡᠳ ᠠᠵᠢᠯᠯᠠᠭᠠᠳᠬᠠᠭᠠᠴᠢ ᠭᠡᠵᠦ ᠬᠦᠰᠡᠵᠦ᠂ ᠱᠠᠭᠠᠷᠳᠠᠵᠤ ᠪᠠᠢᠢᠨ᠎ᠠ᠃
ᠮᠥᠨ ᠲᠠ ᠪᠦᠬᠦᠨ ᠦ ᠮᠡᠳᠡᠵᠦ ᠪᠠᠢᠢᠭᠠᠴᠢᠯᠠᠨ ᠵᠢᠯ ᠦᠨ ᠡᠮᠦᠨ᠎ᠡ ᠡᠴᠡ ᠰᠦᠷ ᠳᠤᠤᠯᠢᠶᠠᠨ ᠲᠠᠢ ᠪᠠᠷ ᠶᠠᠷᠢᠭᠳᠠᠵᠤ ᠡᠬᠢᠯᠡᠭᠰᠡᠨ 《60 ᠲᠡᠷᠪᠤᠮ ᠤᠨ》 ᠭᠡᠬᠦ ᠲᠣᠳᠣᠳᠬᠠᠯ ᠲᠠᠢ ᠬᠡᠷᠡᠭ᠃ ᠡᠨᠡ ᠠᠰᠠᠭᠤᠳᠠᠯ ᠢ ᠤᠯᠤᠰ ᠤᠨ ᠶᠡᠬᠡ ᠬᠤᠷᠠᠯ ᠤᠨ ᠴᠢᠭᠤᠯᠭᠠᠨ ᠤ ᠨᠢᠭᠡᠳᠦᠭᠰᠡᠨ ᠬᠤᠷᠠᠯᠳᠤᠭᠠᠨ ᠢᠶᠠᠷ ᠬᠡᠯᠡᠯᠴᠡᠨ ᠰᠢᠢᠳᠪᠦᠷᠢᠯᠡᠵᠦ ᠪᠠᠢᠢᠵᠤ ᠴᠢᠭᠤᠯᠭᠠᠨ ᠤ ᠬᠤᠷᠠᠯᠳᠤᠭᠠᠨ ᠢ ᠵᠠᠪᠰᠠᠷᠯᠠᠭᠤᠯᠬᠤ ᠬᠡᠷᠡᠭᠲᠡᠢ ᠭᠡᠰᠡᠨ ᠰᠠᠨᠠᠯ ᠢᠶᠠᠨ ᠬᠦᠷᠭᠡᠭᠦᠯᠵᠦ ᠪᠠᠢᠢᠨ᠎ᠠ᠃
2018 ᠣᠨ ᠤ ᠵᠢᠷᠭᠤᠳᠤᠭᠠᠷ ᠰᠠᠷ᠎ᠠ ᠢᠢᠨ 26 ᠍ ᠤ ᠡᠳᠦᠷ ᠦᠨ ᠸᠠᠱᠢᠩᠲ᠋ᠣᠨ ᠫᠣᠰᠲ ᠰᠣᠨᠢᠨ ᠳᠤ ᠮᠣᠩᠭ᠋ᠣᠯ ᠣᠷᠣᠨ ᠳᠤ ᠰᠣᠩᠭ᠋ᠣᠭᠤᠯᠢ ᠬᠡᠷᠬᠢᠨ ᠶᠠᠪᠤᠭᠳᠠᠳᠠᠭ᠂ ᠠᠯᠪᠠᠨ ᠲᠤᠰᠢᠶᠠᠯ ᠢ ᠬᠡᠷᠬᠢᠨ ᠨᠠᠢᠢᠮᠠᠢᠢᠯᠠᠵᠤ ᠪᠤᠢ ᠲᠠᠯ᠎ᠠ ᠪᠠᠷ ᠪᠤᠶᠤ 《60 ᠲᠡᠷᠪᠤᠮ ᠤᠨ》 ᠭᠡᠬᠦ ᠲᠣᠳᠣᠳᠬᠠᠯ ᠲᠠᠢ ᠬᠡᠷᠡᠭ ᠦᠨ ᠲᠠᠯ᠎ᠠ ᠪᠠᠷ ᠮᠠᠰᠢ ᠳᠡᠯᠭᠡᠷᠡᠩᠭᠦᠢ ᠨᠡᠢᠢᠲᠡᠯᠡᠭᠳᠡᠭᠰᠡᠨ ᠪᠠᠢᠢᠨ᠎ᠠ᠃ ᠡᠨᠡ ᠰᠣᠨᠢᠨ ᠬᠣᠶᠠᠷ ᠰᠠᠶ᠎ᠠ ᠰᠢᠷᠬᠡᠭ᠌ ᠬᠡᠪᠯᠡᠭᠳᠡᠳᠡᠭ᠃ ᠪᠢᠳᠡᠨ ᠦ ᠠᠰᠠᠭᠤᠳᠠᠯ ᠳᠣᠲᠣᠭᠠᠳᠤ ᠢᠢᠨ ᠪᠤᠰᠤ ᠳᠡᠯᠡᠬᠡᠢ ᠨᠡᠢᠢᠲᠡ ᠪᠡᠷ ᠭᠠᠷᠴᠤ᠂ ᠶᠠᠷᠢᠭᠳᠠᠭᠠᠳ ᠡᠬᠢᠯᠡᠯ᠎ᠡ᠃ 《60 ᠲᠡᠷᠪᠤᠮ ᠤᠨ》 ᠠᠰᠠᠭᠤᠳᠠᠯ ᠢᠶᠠᠷ ᠨᠡᠭᠡᠭᠡᠯᠲᠡᠲᠡᠢ ᠰᠣᠨᠣᠰᠬᠠᠯ ᠵᠣᠬᠢᠶᠠᠨ ᠪᠠᠢᠢᠭᠤᠯᠬᠤ ᠢᠢ ᠳᠡᠮᠵᠢᠵᠦ ᠤᠯᠤᠰ ᠤᠨ ᠶᠡᠬᠡ ᠬᠤᠷᠠᠯ ᠤᠨ 19 ᠭᠡᠰᠢᠭᠦᠨ ᠭᠠᠷ ᠤᠨ ᠦᠰᠦᠭ ᠵᠢᠷᠤᠭᠰᠠᠨ ᠲᠠᠯ᠎ᠠ ᠪᠠᠷ ᠪᠢ ᠰᠣᠨᠣᠰᠤᠭᠰᠠᠨ᠃ ᠡᠨᠡ ᠠᠰᠠᠭᠤᠳᠠᠯ ᠢᠶᠠᠨ ᠬᠡᠯᠡᠯᠴᠡᠭᠡᠳ ᠤᠯᠤᠰ ᠤᠨ ᠶᠡᠬᠡ ᠬᠤᠷᠠᠯ ᠤᠨ ᠡᠭᠡᠯᠵᠢᠲᠦ ᠴᠢᠭᠤᠯᠭᠠᠨ ᠢ ᠵᠠᠪᠰᠠᠷᠯᠠᠭᠤᠯᠤᠭᠠᠰᠠᠢ ᠭᠡᠵᠦ ᠲᠠ ᠪᠦᠬᠦᠨ ᠡᠴᠡ ᠬᠦᠰᠡᠮᠡᠷ ᠪᠠᠢᠢᠨ᠎ᠠ᠃
ᠪᠠᠶᠠᠷᠯᠠᠯ᠎ᠠ》 ᠭᠡᠪᠡ᠃