ᠮᠣᠩ᠋ᠭᠣᠯ ᠣᠷᠣᠨ ᠤ ᠠᠭᠤᠯᠠᠰ ᠤᠨ ᠮᠠᠩᠯᠠᠢ ᠲᠥᠷᠥ ᠢᠢᠨ ᠲᠠᠬᠢᠯᠭᠠᠲᠤ ᠠᠯᠲᠠᠢ ᠬᠠᠨ ᠤ ᠲᠠᠪᠤᠨ ᠪᠣᠭᠳᠠ ᠠᠭᠤᠯᠠ ᠢᠢᠨ ᠲᠩᠷᠢ ᠢᠢ ᠲᠠᠢᠢᠬᠤ ᠲᠥᠷᠥ ᠢᠢᠨ ᠲᠠᠬᠢᠯᠭ᠎ᠠ ᠢᠢᠨ ᠶᠣᠰᠣᠯᠠᠯ 2024 ᠣᠨ ᠤ 07 ᠳ᠋ᠤᠭᠠᠷ ᠰᠠᠷ᠎ᠠ ᠢᠢᠨ 22 ᠍ ᠤ ᠡᠳᠦᠷ ᠪᠤᠶᠤ XVII ᠵᠢᠷᠠᠨ ᠤ ᠬᠢᠯᠢᠩᠲᠦ ᠡᠬᠡ ᠬᠡᠮᠡᠬᠦ ᠮᠣᠳᠣᠨ ᠯᠤᠤ ᠵᠢᠯ ᠦᠨ ᠵᠤᠨ ᠤ ᠠᠳᠠᠭ ᠴᠠᠭᠠᠭᠴᠢᠨ ᠬᠣᠨᠢ ᠰᠠᠷ᠎ᠠ ᠢᠢᠨ ᠤᠯᠠᠭᠴᠢᠨ ᠭᠠᠬᠠᠢ ᠡᠳᠦᠷ ᠠᠯᠲᠠᠢ ᠲᠠᠪᠤᠨ ᠪᠣᠭᠳᠠ ᠬᠠᠢᠢᠷᠬᠠᠨ ᠠᠭᠤᠯᠠ ᠢᠢᠨ ᠲᠠᠬᠢᠯᠭᠠᠳᠤ ᠣᠪᠣᠭᠠᠨ ᠳᠤ ᠪᠣᠯᠤᠯ᠎ᠠ᠃
ᠲᠠᠬᠢᠯᠭ᠎ᠠ ᠢᠢᠨ ᠶᠣᠰᠣᠯᠠᠯ ᠤᠨ ᠡᠮᠦᠨᠡᠬᠢ ᠣᠷᠣᠢ ᠯᠠᠮᠠ ᠬᠤᠸᠠᠷᠠᠭ ᠤᠳ ᠢᠲᠡᠭᠡᠯ᠂ ᠭᠠᠩᠳᠠᠩᠯᠠᠵᠠ᠂ ᠥᠯᠵᠡᠢᠢᠬᠤᠲᠤᠭ ᠪᠠᠭᠤᠯᠭᠠᠬᠤ ᠰᠠᠩ ᠪᠣᠯᠤᠨ ᠳᠣᠯᠣᠭᠠᠨ ᠪᠤᠷᠬᠠᠨ ᠣᠳᠣ ᠲᠤᠰ ᠪᠦᠷᠢ ᠳᠥ ᠲᠠᠬᠢᠯᠭ᠎ᠠ ᠢᠢᠨ ᠨᠣᠮ ᠬᠤᠷᠠᠪᠠ᠃
ᠣᠪᠣᠭᠠᠨ ᠤ ᠲᠩᠷᠢ ᠢᠢ ᠲᠠᠢᠢᠬᠤ ᠶᠣᠰᠣᠯᠠᠯ ᠡᠬᠢᠯᠡᠬᠦ ᠦᠶ᠎ᠡ ᠳᠥ 《ᠭᠠᠨᠵᠤᠤᠷ》 ᠶᠡᠬᠡ ᠬᠥᠯᠭᠡᠨ ᠰᠤᠳᠤᠷ᠂ ᠨᠠᠢᠮᠠᠨ ᠲᠠᠬᠢᠯ ᠢ ᠲᠤᠰᠬᠠᠢᠢᠯᠠᠨ ᠵᠠᠯᠠᠵᠤ᠂ ᠯᠠᠮᠠ ᠨᠠᠷ ᠯᠠᠮᠠᠴᠤᠳᠤᠪ᠂ ᠵᠢᠭᠵᠢᠳ᠂ ᠸᠴᠢᠷᠪᠠᠨᠢ᠂ ᠶᠦᠯᠲᠡᠢ ᠵᠡᠷᠭᠡ ᠨᠣᠮ ᠬᠤᠷᠠᠯ ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠥᠷᠥ ᠢᠢᠨ ᠪᠡᠯᠭᠡᠳᠡᠯ ᠢ ᠢᠯᠡᠷᠬᠡᠢᠢᠯᠡᠵᠦ᠂ ᠬᠦᠨᠳᠦᠲᠦ ᠬᠠᠷᠠᠭᠤᠯ ᠤᠨ ᠳᠥᠷᠪᠡᠨ ᠴᠡᠷᠢᠭ ᠢᠶᠡᠷ ᠬᠠᠮᠠᠭᠠᠯᠠᠭᠤᠯᠤᠨ ᠲᠤᠰᠬᠠᠢᠢᠯᠠᠨ ᠵᠠᠰᠠᠭᠰᠠᠨ ᠲᠠᠯᠠᠪᠠᠢ ᠳᠤ ᠬᠦᠷᠦᠯᠴᠡᠨ ᠢᠷᠡᠪᠡ᠃
ᠬᠦᠨᠳᠦᠳᠥ ᠬᠠᠷᠠᠭᠤᠯ ᠤᠨ ᠴᠡᠷᠢᠭ ᠦᠳ ᠮᠣᠩ᠋ᠭᠣᠯ ᠤᠯᠤᠰ ᠤᠨ ᠲᠥᠷᠥ ᠢᠢᠨ ᠳᠠᠯᠪᠠᠭ᠎ᠠ᠂ ᠪᠦᠬᠦ ᠴᠡᠷᠢᠭ ᠦᠨ ᠶᠡᠬᠡ ᠬᠠᠷ᠎ᠠ ᠰᠦᠯᠳᠡ ᠢᠢᠨ ᠤᠮᠠᠷ᠎ᠠ ᠢᠢᠨ ᠡᠯᠴᠢ ᠰᠦᠯᠳᠡ᠂ ᠪᠠᠶᠠᠨ-ᠥᠯᠥᠭᠡᠢ ᠠᠢᠢᠮᠠᠭ ᠤᠨ ᠳᠠᠯᠪᠠᠭ᠎ᠠ᠂ ᠶᠡᠬᠡ ᠡᠵᠡᠨ ᠴᠢᠩ᠋ᠭᠢᠰ ᠬᠠᠭᠠᠨ ᠤ ᠬᠥᠷᠥᠭ᠂ ᠲᠥᠷᠥ ᠢᠢᠨ ᠳᠣᠯᠣᠭᠠᠨ ᠡᠷᠳᠡᠨᠢ ᠢᠢ ᠲᠠᠬᠢᠯ ᠤᠨ ᠰᠢᠷᠡᠭᠡᠨ ᠢᠶᠡᠨ ᠵᠠᠯᠠᠵᠤ ᠪᠠᠢᠢᠷᠢᠯᠠᠭᠤᠯᠤᠯ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠡᠯᠡᠭᠰᠡᠨ ᠦᠭᠡᠨ ᠳᠡᠭᠡᠨ᠂ ᠠᠭᠤᠯᠠ ᠣᠪᠣᠭᠠᠨ ᠤ ᠲᠩᠷᠢ ᠢᠢ ᠲᠠᠢᠢᠬᠤ ᠶᠣᠰᠣᠯᠠᠯ ᠨᠢ ᠲᠡᠦᠬᠡ᠂ ᠰᠤᠶᠤᠯ ᠤᠨ ᠥᠪ᠂ ᠲᠥᠷᠥᠳᠦ ᠶᠣᠰᠣᠨ ᠤ ᠭᠦᠨ ᠤᠯᠠᠮᠵᠢᠯᠠᠯ ᠰᠢᠩ᠋ᠭᠡᠭ᠍ᠰᠡᠨ ᠡᠷᠬᠢᠮ ᠨᠠᠨᠳᠢᠨ ᠵᠠᠩ ᠦᠢᠯᠡ ᠪᠥᠭᠡᠳ ᠪᠠᠢᠢᠭᠠᠯᠢ ᠳᠡᠯᠡᠬᠡᠢ ᠲᠡᠢ ᠪᠡᠨ ᠵᠣᠬᠢᠰᠲᠠᠢ ᠬᠠᠷᠢᠯᠴᠠᠬᠤ᠂ ᠤᠨᠠᠭᠠᠨ ᠲᠥᠷᠬᠥ ᠢᠢ ᠨᠢ ᠬᠠᠳᠠᠭᠠᠯᠠᠨ ᠬᠠᠮᠠᠭᠠᠯᠠᠬᠤ ᠳᠤ ᠣᠨᠴᠠᠭᠠᠢ ᠠᠴᠢ ᠬᠣᠯᠪᠣᠭᠳᠠᠯ ᠲᠠᠢ ᠡᠨᠡ ᠥᠪ ᠰᠤᠶᠤᠯ ᠢ 2017 ᠣᠨ ᠳᠤ United Nations Educational Scientific and Cultural Organization ᠍ᠤ ᠶᠠᠭᠠᠷᠠᠯᠲᠠᠢ ᠬᠠᠮᠠᠭᠠᠯᠠᠬᠤ ᠱᠠᠭᠠᠷᠳᠠᠯᠭ᠎ᠠ ᠲᠠᠢ ᠰᠤᠶᠤᠯ ᠤᠨ ᠪᠡᠶᠡᠲᠦ ᠪᠤᠰᠤ ᠥᠪ ᠦᠨ ᠳᠡᠯᠡᠬᠡᠢ ᠢᠢᠨ ᠵᠢᠭ᠌ᠰᠠᠭᠠᠯᠲᠠ ᠳᠤ ᠪᠦᠷᠢᠳᠬᠡᠭ᠍ᠰᠡᠨ ᠭᠡᠳᠡᠭ ᠢ ᠲᠣᠳᠣᠳᠬᠠᠪᠠ᠃
ᠪᠠᠢᠢᠭᠠᠯᠢ ᠢᠢᠨ ᠪᠣᠯᠤᠨ ᠰᠤᠶᠤᠯ ᠤᠨ ᠥᠪ ᠬᠣᠣᠰᠯᠠᠭᠰᠠᠨ ᠳᠤᠷᠠᠰᠬᠠᠯᠲᠤ ᠭᠠᠵᠠᠷ ᠪᠣᠯᠬᠤ ᠠᠯᠲᠠᠢ ᠲᠠᠪᠤᠨ ᠪᠣᠭᠳᠠ ᠲᠡᠷᠢᠭᠦᠲᠡᠢ ᠠᠯᠲᠠᠢ ᠢᠢᠨ ᠥᠨᠳᠥᠷ ᠠᠭᠤᠯᠠᠰ ᠢ United Nations Educational Scientific and Cultural Organization ᠤ ᠳᠡᠯᠡᠬᠡᠢ ᠢᠢᠨ ᠥᠪ ᠲᠥ ᠪᠥᠷᠢᠳᠬᠡᠭᠦᠯᠬᠦ ᠠᠵᠢᠯ ᠡᠷᠴᠢᠮᠲᠡᠢ ᠥᠷᠨᠢᠵᠦ ᠪᠠᠢᠢᠭ᠎ᠠ ᠢᠢ ᠰᠣᠨᠣᠷᠳᠠᠭᠤᠯᠤᠯ᠎ᠠ᠃
ᠢᠩ᠋ᠭᠢᠭ᠍ᠰᠡᠨ ᠢᠶᠡᠷ ᠮᠣᠩ᠋ᠭᠣᠯ ᠠᠯᠲᠠᠢ ᠢᠢᠨ ᠨᠢᠷᠤᠭᠤ ᠢᠢ ᠪᠠᠢᠢᠭᠠᠯᠢ ᠢᠢᠨ ᠪᠣᠯᠤᠨ ᠰᠤᠶᠤᠯ ᠤᠨ ᠥᠪ ᠦᠨ ᠴᠢᠬᠤᠯᠠ ᠳᠤᠷᠠᠰᠬᠠᠯᠲᠤ ᠭᠠᠵᠠᠷ ᠪᠣᠯᠬᠤ ᠢᠢ ᠳᠡᠯᠡᠬᠡᠢ ᠳᠠᠬᠢᠨ ᠳᠤ ᠬᠦᠯᠢᠶᠡᠨ ᠵᠥᠪᠰᠢᠶᠡᠷᠡᠭᠦᠯᠬᠦ᠂ ᠪᠠᠢᠢᠭᠠᠯᠢ ᠳᠡᠯᠡᠬᠡᠢ ᠪᠡᠨ ᠬᠠᠢᠢᠷᠠᠯᠠᠨ ᠬᠠᠮᠠᠭᠠᠯᠠᠬᠤ ᠮᠣᠩ᠋ᠭᠣᠯ ᠤᠯᠠᠮᠵᠢᠯᠠᠯ ᠢ ᠦᠷ᠎ᠡ ᠬᠣᠢᠢᠴᠢ ᠳᠠᠭᠠᠨ ᠥᠪᠯᠡᠭᠦᠯᠦᠨ ᠦᠯᠡᠳᠡᠭᠡᠬᠦ᠂ ᠠᠶᠠᠯᠠᠯ ᠵᠢᠭᠤᠯᠴᠢᠯᠠᠯ ᠢ ᠡᠷᠴᠢᠮᠵᠢᠭᠦᠯᠵᠦ᠂ ᠪᠥᠰᠡ ᠨᠤᠲᠤᠭ ᠤᠨ ᠬᠥᠭ᠍ᠵᠢᠯ ᠢ ᠳᠡᠮᠵᠢᠬᠦ ᠳᠥ ᠦᠨᠡᠲᠡᠢ ᠬᠤᠪᠢ ᠨᠡᠮᠡᠷᠢ ᠪᠣᠯᠤᠨ᠎ᠠ ᠭᠡᠳᠡᠭ ᠲᠥ ᠢᠲᠡᠭᠡᠯ ᠲᠡᠢ ᠪᠠᠢᠢᠭ᠎ᠠ ᠪᠠᠨ ᠢᠯᠡᠷᠬᠡᠢᠢᠯᠡᠯ᠎ᠡ᠃
ᠥᠨᠳᠥᠷ ᠰᠦᠷᠯᠢᠭ ᠠᠯᠲᠠᠢ ᠲᠠᠪᠤᠨ ᠪᠣᠭᠲᠠ ᠪᠠᠨ ᠲᠦᠰᠢᠨ ᠨᠤᠲᠤᠭᠯᠠᠵᠤ᠂ ᠥᠯᠥᠭᠡᠢ ᠰᠠᠢᠢᠬᠠᠨ ᠨᠤᠲᠤᠭ ᠢᠶᠠᠨ ᠬᠦᠨᠳᠦᠯᠡᠨ ᠳᠡᠭᠡᠳᠦᠯᠡᠳᠡᠭ ᠪᠠᠶᠠᠨ-ᠥᠯᠥᠭᠡᠢᠢᠴᠦᠳ ᠶᠡᠬᠡ ᠬᠠᠢᠢᠷᠬᠠᠨ ᠤ ᠪᠠᠨ ᠬᠠᠢᠢᠷ᠎ᠠ ᠬᠡᠰᠢᠭ᠌ ᠢ ᠬᠦᠷᠲᠡᠵᠦ᠂ ᠡᠪ ᠨᠢᠭᠡᠳᠦᠯ ᠢᠶᠡᠨ ᠪᠠᠲᠤᠳᠬᠠᠨ᠂ ᠠᠵᠢᠯ ᠦᠢᠯᠡᠰ ᠢᠶᠡᠷ ᠢᠶᠡᠨ ᠦᠯᠢᠭᠡᠷᠯᠡᠵᠦ᠂ ᠦᠶ᠎ᠡ ᠢᠢᠨ ᠦᠶ᠎ᠡ ᠳᠥ ᠳᠡᠪᠵᠢᠨ ᠪᠠᠢᠢᠬᠤ ᠢᠢᠨ ᠢᠷᠦᠭᠡᠯ ᠢ ᠡᠷᠭᠦᠨ ᠳᠡᠪᠰᠢᠭᠦᠯᠦᠯ᠎ᠡ᠃
ᠶᠡᠷᠦᠩᠬᠡᠢᠢᠯᠡᠭᠴᠢ ᠢᠢ ᠦᠭᠡ ᠬᠡᠯᠡᠭᠰᠡᠨ ᠦ ᠳᠠᠷᠠᠭ᠎ᠠ ᠲᠤᠤᠯᠢᠴᠢ ᠠᠯᠲᠠᠢ ᠢᠢᠨ ᠮᠠᠭᠲᠠᠭᠠᠯ ᠬᠠᠢᠢᠯᠠᠯ᠎ᠠ᠃
ᠳᠠᠷᠠᠭ᠎ᠠ ᠨᠢ ᠤᠯᠤᠰ ᠤᠨ ᠶᠡᠬᠡ ᠬᠤᠷᠠᠯ ᠢᠢᠨ ᠭᠡᠰᠢᠭᠦᠨ ᠳᠤ᠊᠂ ᠪᠤᠮᠸᠴᠢᠷ ᠠᠯᠲᠠᠢ ᠲᠠᠪᠤᠨ ᠪᠣᠭᠳᠠ ᠬᠠᠢᠢᠷᠬᠠᠨ ᠤ ᠲᠩᠷᠢ ᠳᠥ ᠬᠠᠨᠳᠤᠭᠰᠠᠨ ᠠᠢᠢᠯᠠᠳᠬᠠᠯ ᠢ ᠳᠠᠭᠤᠳᠠᠨ ᠰᠣᠨᠣᠰᠬᠠᠵᠤ᠂ ᠲᠣᠷᠭᠠᠨ ᠳᠡᠭᠡᠷ᠎ᠡ ᠪᠢᠴᠢᠭᠰᠡᠨ ᠡᠬᠢ ᠬᠤᠪᠢ ᠢᠢ ᠨᠢ ᠠᠢᠢᠮᠠᠭ ᠤᠨ ᠮᠦᠽᠧᠢ ᠳᠥ ᠬᠠᠳᠠᠭᠠᠯᠠᠭᠤᠯᠬᠤ ᠪᠠᠷ ᠬᠦᠯᠢᠶᠡᠯᠭᠡᠨ ᠥᠭ᠍ᠭᠥᠯ ᠡ᠃
ᠯᠠᠮᠠ ᠬᠤᠸᠠᠷᠠᠭ ᠤᠳ ᠪᠤᠮᠤᠨ ᠴᠠᠭᠠᠨ ᠰᠤᠳᠤᠷ᠂ ᠪᠤᠷᠬᠠᠨ ᠪᠤᠭᠤᠳᠠᠢ ᠬᠠᠢᠢᠷᠬᠠᠨ ᠠᠭᠤᠯᠠ ᠢᠢᠨ ᠰᠠᠩ᠂ ᠳᠡᠪᠵᠢᠳ ᠰᠡᠷᠵᠢᠮ᠂ ᠵᠢᠩᠯᠠᠪ ᠴᠣᠭᠵᠢᠯ ᠨᠣᠮ ᠤᠩᠰᠢᠯ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠲᠩᠷᠢ ᠳᠥ ᠬᠦᠷᠭᠡᠬᠦ ᠳᠠᠭᠤᠲᠤ ᠰᠤᠮᠤ ᠢᠢ ᠪᠠᠶᠠᠨ-ᠥᠯᠥᠭᠡᠢ ᠠᠢᠢᠮᠠᠭ ᠤᠨ ᠪᠤᠶᠠᠨᠳᠤ ᠰᠤᠮᠤ ᠢᠢᠨ ᠬᠠᠷᠢᠶᠠᠲᠤ᠂ ᠦᠨᠳᠦᠰᠦᠨ ᠦ ᠰᠤᠷ ᠤᠨ ᠤᠯᠤᠰ ᠤᠨ ᠮᠡᠷᠭᠡᠨ᠂ ᠤᠷᠢᠶᠠᠩᠬᠠᠢ ᠰᠤᠷ ᠤᠨ ᠳᠠᠷᠬᠠᠨ ᠮᠡᠷᠭᠡᠨ᠂ ᠪᠤᠷᠢᠶᠠᠳ ᠰᠤᠷ ᠤᠨ ᠬᠣᠱᠣᠢ ᠮᠡᠷᠭᠡᠨ ᠮ᠊᠂ ᠪᠠᠲᠤᠭᠡᠷᠡᠯ ᠳᠥ ᠬᠦᠯᠢᠶᠡᠯᠭᠡᠨ ᠥᠭᠴᠦ᠂ ᠲᠤᠰ ᠠᠢᠢᠮᠠᠭ ᠤᠨ ᠴᠡᠩ᠋ᠭᠡᠯ ᠰᠤᠮᠤ ᠢᠢᠨ ᠠᠪᠤᠷᠭᠤ ᠮᠠᠯᠴᠢᠨ ᠴ᠊᠂ ᠬᠡᠨᠵᠡᠬᠦ᠋ᠦ ᠢᠢᠨ ᠠᠳᠤᠭᠤᠨ ᠰᠦᠷᠦᠭ ᠡᠴᠡ ᠰᠣᠩ᠋ᠭᠣᠭᠰᠠᠨ ᠮᠣᠷᠢ ᠢᠢ ᠲᠩᠷᠢ ᠢᠢᠨ ᠬᠦᠯᠦᠭ ᠪᠣᠯᠭᠠᠵᠤ ᠰᠡᠲᠡᠷᠯᠡᠯᠡ᠃
ᠮᠣᠩ᠋ᠭᠣᠯ ᠤᠯᠤᠰ ᠤᠨ ᠲᠥᠷᠥ ᠢᠢᠨ ᠳᠠᠯᠪᠠᠭ᠎ᠠ᠂ ᠪᠦᠬᠦ ᠴᠡᠷᠢᠭ ᠦᠨ ᠶᠡᠬᠡ ᠬᠠᠷ᠎ᠠ ᠰᠦᠯᠳᠡ ᠢᠢᠨ ᠤᠮᠠᠷ᠎ᠠ ᠢᠢᠨ ᠡᠯᠴᠢ ᠰᠦᠯᠳᠡ᠂ ᠭᠣᠪᠢ-ᠠᠯᠲᠠᠢ ᠠᠢᠢᠮᠠᠭ ᠤᠨ ᠳᠠᠯᠪᠠᠭ᠎ᠠ᠂ ᠴᠢᠩ᠋ᠭᠢᠰ ᠬᠠᠭᠠᠨ ᠤ ᠬᠥᠷᠥᠭ ᠪᠣᠯᠤᠨ ᠲᠥᠷᠥ ᠢᠢᠨ ᠳᠣᠯᠣᠭᠠᠨ ᠡᠷᠳᠡᠨᠢ ᠢᠢ ᠪᠤᠴᠠᠭᠠᠵᠤ ᠵᠠᠯᠠᠭᠰᠠᠨ ᠢᠶᠠᠷ ᠪᠤᠷᠬᠠᠨ ᠪᠤᠭᠤᠳᠠᠢ ᠠᠭᠤᠯᠠ ᠢᠢᠨ ᠲᠩᠷᠢ ᠢᠢ ᠲᠠᠢᠢᠬᠤ ᠲᠥᠷᠥ ᠢᠢᠨ ᠲᠠᠬᠢᠯᠭ᠎ᠠ ᠢᠢᠨ ᠶᠣᠰᠣᠯᠠᠯ ᠥᠨᠳᠥᠷᠯᠡᠪᠡ᠃
ᠮᠣᠩ᠋ᠭᠣᠯ ᠤᠯᠤᠰ ᠤᠨ ᠳᠡᠭᠡᠪᠦᠷ ᠪᠤᠶᠤ ᠬᠠᠮᠤᠭ ᠤᠨ ᠥᠨᠳᠥᠷ ᠲᠥ ᠡᠷᠭᠦᠭ᠍ᠳᠡᠭᠰᠡᠨ ᠴᠡᠭ ᠪᠣᠯ ᠠᠯᠲᠠᠢ ᠲᠠᠪᠤᠨ ᠪᠣᠭᠳᠠ ᠠᠭᠤᠯᠠᠰ ᠤᠨ ᠬᠦᠢᠲᠡᠨ ᠣᠷᠭᠢᠯ ᠶᠤᠮ᠃ ᠬᠦᠢᠲᠡᠨ ᠣᠷᠭᠢᠯ ᠳᠠᠯᠠᠢ ᠢᠢᠨ ᠲᠦᠪᠰᠢᠨ ᠡᠴᠡ ᠳᠡᠭᠡᠭ᠍ᠰᠢ 4.374 ᠮᠸᠲ᠋ᠷ ᠥᠨᠳᠥᠷ ᠲᠥ ᠡᠷᠭᠦᠭ᠍ᠳᠡᠭᠰᠡᠨ᠃ ᠠᠯᠲᠠᠢ ᠲᠠᠪᠤᠨ ᠪᠣᠭᠳᠠ ᠢᠢᠨ ᠠᠭᠤᠯᠠᠰ ᠨᠢ ᠬᠦᠢᠲᠡᠨ᠂ ᠨᠠᠷᠠᠨ᠂ ᠨᠠᠢᠢᠷᠠᠮᠳᠠᠯ᠂ ᠮᠠᠯᠴᠢᠨ᠂ ᠪᠦᠷᠭᠦᠳ ᠭᠡᠰᠡᠨ ᠣᠷᠭᠢᠯ ᠲᠠᠢ ᠶᠤᠮ᠃