Та "Internet explorer"-ийн сүүлийн хувилбар болох "Microsoft edge"-г ашиглана уу

Хэрэв "Microsoft edge"-г татах бол энд дарж татаж авна уу

ᠰᠸᠢᠴᠧᠷᠯᠠᠨ᠌ᠳ᠋ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠢᠢ ᠠᠯᠪᠠᠨ ᠶᠣᠰᠣᠭᠠᠷ ᠤᠭᠲᠤᠵᠤ ᠠᠪᠤᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠤᠷᠢᠯᠭ᠎ᠠ ᠪᠠᠷ ᠰᠸᠢᠴᠧᠷᠯᠠᠨ᠋ᠳ᠋ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠸᠢᠣᠯᠠ ᠠᠮᠾᠧᠷᠳ᠋ 2024 ᠣᠨ ᠤ 08 ᠳ᠋ᠤᠭᠠᠷ 02-04 ᠍ ᠦ ᠡᠳᠦᠷ ᠦᠳ ᠲᠥ ᠠᠩᠬ᠎ᠠ ᠤᠳᠠᠭ᠎ᠠ ᠲᠥᠷᠥ ᠢᠢᠨ ᠠᠢᠢᠯᠴᠢᠯᠠᠯ ᠬᠢᠵᠦ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ ᠰᠸᠢᠴᠧᠷᠯᠠᠨ᠋ᠳ᠋ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠸᠢᠣᠯᠠ ᠠᠮᠾᠧᠷᠳ᠋᠍ ᠢ ᠳᠠ᠊᠂ ᠰᠦᠬᠡᠪᠠᠭᠠᠲᠤᠷ ᠤᠨ ᠲᠠᠯᠠᠪᠠᠢ ᠳᠤ ᠠᠯᠪᠠᠨ ᠶᠣᠰᠣᠭᠠᠷ ᠤᠭᠲᠤᠵᠤ ᠠᠪᠤᠯ᠎ᠠ᠃

ᠲᠥᠷᠥ ᠢᠢᠨ ᠬᠦᠨᠳᠦᠳᠦ ᠬᠠᠷᠠᠭᠤᠯ ᠤᠨ ᠵᠠᠬᠢᠷᠤᠭᠴᠢ ᠠᠢᠢᠯᠠᠳᠬᠠᠯ ᠡᠷᠭᠦᠭ᠍ᠰᠡᠨ ᠦ ᠳᠠᠷᠠᠭ᠎ᠠ ᠬᠥᠭ᠍ᠵᠢᠮ ᠳᠥ ᠬᠣᠶᠠᠷ ᠤᠯᠤᠰ ᠤᠨ ᠲᠥᠷᠥ ᠢᠢᠨ ᠳᠠᠭᠤᠯᠠᠯ ᠡᠭᠡᠰᠢᠭᠯᠡᠪᠡ᠃ ᠶᠡᠷᠦᠩᠬᠡᠢᠢᠯᠡᠭᠴᠢ ᠨᠠᠷ ᠲᠥᠷᠥ ᠢᠢᠨ ᠶᠣᠰᠣᠯᠠᠯ ᠤᠨ ᠴᠡᠷᠢᠭ ᠦᠨ ᠴᠠᠭᠠᠨ ᠲᠤᠭ ᠲᠤ ᠮᠡᠬᠦᠢᠢᠨ ᠶᠤᠰᠤᠯᠠᠵᠤ᠂ ᠶᠡᠷᠦᠩᠬᠡᠢᠢᠯᠡᠭᠴᠢ ᠸᠢᠣᠯᠠ ᠠᠮᠾᠧᠷᠳ᠋ ᠲᠥᠷᠥ ᠢᠢᠨ ᠬᠦᠨᠳᠦᠳᠦ ᠬᠠᠷᠠᠭᠤᠯ ᠤᠨ ᠴᠡᠷᠢᠭ ᠦᠳ ᠲᠡᠢ ᠮᠡᠨᠳᠦᠴᠢᠯᠡᠪᠡ᠃

ᠲᠥᠷᠥ ᠢᠢᠨ ᠲᠡᠷᠢᠭᠦᠨ ᠨᠤᠭᠥᠳ ᠤᠭᠲᠤᠬᠤ ᠶᠣᠰᠣᠯᠠᠯ ᠳᠤ ᠬᠦᠷᠦᠯᠴᠡᠨ ᠢᠷᠡᠭᠰᠡᠨ ᠮᠣᠩ᠋ᠭᠣᠯ ᠤᠯᠤᠰ ᠤᠨ ᠪᠣᠯᠤᠨ ᠰᠸᠢᠴᠧᠷᠯᠠᠨ᠋ᠳ᠋ ᠤᠨ ᠬᠣᠯᠪᠣᠭᠠᠨ ᠤ ᠤᠯᠤᠰ ᠤᠨ ᠠᠯᠪᠠᠨ ᠤ ᠲᠥᠯᠥᠭᠡᠯᠡᠭᠴᠢ᠂ ᠮᠣᠩ᠋ᠭᠣᠯ ᠤᠯᠤᠰ ᠲᠤ ᠰᠠᠭᠤᠭ᠎ᠠ ᠳ᠋ᠢᠫᠯᠣᠮᠠᠲ ᠲᠥᠯᠥᠭᠡᠯᠡᠭᠴᠢ ᠢᠢᠨ ᠭᠠᠵᠠᠷ ᠤᠳ ᠤᠨ ᠲᠡᠷᠢᠭᠦᠨ᠂ ᠣᠯᠠᠨ ᠤᠯᠤᠰ ᠤᠨ ᠪᠠᠢᠢᠭᠤᠯᠤᠯᠭ᠎ᠠ ᠢᠢᠨ ᠰᠠᠭᠤᠷᠢᠨ ᠲᠥᠯᠥᠭᠡᠯᠡᠭᠴᠢᠳ ᠲᠡᠢ ᠮᠡᠨᠳᠦᠴᠢᠯᠡᠯ ᠡ᠃

ᠶᠡᠷᠦᠩᠬᠡᠢᠢᠯᠡᠭᠴᠢ ᠨᠠᠷ ᠶᠡᠬᠡ ᠡᠵᠡᠨ ᠴᠢᠩ᠋ᠭᠢᠰ ᠬᠠᠭᠠᠨ ᠤ ᠬᠥᠰᠢᠶᠡᠨ ᠳᠥ ᠬᠦᠨᠳᠦᠳᠬᠡᠯ ᠦᠵᠡᠭᠦᠯᠦᠭᠰᠡᠨ ᠦ ᠳᠠᠷᠠᠭ᠎ᠠ ᠶᠡᠷᠦᠩᠬᠡᠢᠢᠯᠡᠭᠴᠢ ᠸᠢᠣᠯᠠ ᠠᠮᠾᠧᠷᠳ᠋ ᠲᠥᠷᠥ ᠢᠢᠨ ᠣᠷᠳᠣᠨ ᠤ ᠬᠦᠨᠳᠦᠲᠦ ᠵᠣᠴᠢᠨ ᠤ ᠳᠡᠪᠲᠡᠷ ᠲᠥ ᠭᠠᠷ ᠤᠨ ᠦᠰᠦᠭ ᠵᠢᠷᠤᠯ᠎ᠠ᠃

ᠬᠣᠶᠠᠷ ᠤᠯᠤᠰ 1964 ᠣᠨ ᠤ 05 ᠳ᠋ᠤᠭᠠᠷ ᠰᠠᠷ᠎ᠠ ᠢᠢᠨ 22 ᠍ ᠤ ᠡᠳᠦᠷ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠪᠥᠭᠡᠳ ᠨᠠᠢᠢᠷᠰᠠᠭ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠲᠠᠢ ᠶᠤᠮ᠃