Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠮᠠᠯᠠᠶᠢᠽ ᠤᠯᠤᠰ ᠤᠨ ᠰᠢᠳᠠᠷ ᠰᠠᠶᠢᠳ ᠳ᠋ᠠᠲ᠋ᠣ‍ ᠰᠧ ᠠᠽᠠᠽᠠ ᠸᠠᠨ ᠢᠰᠮᠠᠶᠢᠯ ᠢ ᠬᠦᠯᠢᠶᠡᠨ ᠠᠪᠴᠤ ᠠᠭᠤᠯᠵᠠᠪᠠ

ᠭᠠᠮᠰᠢᠭ ᠤᠨ ᠡᠷᠦᠰᠳᠡᠯ ᠢ ᠪᠠᠭᠤᠷᠠᠭᠤᠯᠬᠤ ᠠᠽᠢᠶ᠎ᠠ ᠢᠢᠨ ᠰᠠᠢᠢᠳ ᠨᠠᠷ ᠤᠨ ᠪᠠᠭ᠎ᠠ ᠬᠤᠷᠠᠯ ᠳᠤ ᠣᠷᠣᠯᠴᠠᠬᠤ ᠪᠠᠷ ᠮᠣᠩᠭ᠋ᠣᠯ ᠤᠯᠤᠰ ᠲᠤ ᠬᠦᠷᠦᠯᠴᠡᠨ ᠢᠷᠡᠭᠰᠡᠨ ᠮᠠᠯᠠᠢᠢᠽ ᠤᠯᠤᠰ ᠤᠨ ᠰᠢᠳᠠᠷ ᠰᠠᠢᠢᠳ ᠳ᠋ᠠᠲ᠋ᠣ‍  ᠰᠧ ᠠᠽᠠᠽᠠ ᠸᠠᠨ ᠢᠰᠮᠠᠢᠢᠯ ᠥᠨᠥᠳᠥᠷ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠪᠠᠷᠠᠭᠠᠯᠬᠠᠯ ᠠ᠃

 

ᠠᠭᠤᠯᠵᠠᠯᠲᠠ ᠢᠢᠨ ᠡᠬᠢᠨ ᠳᠥ᠂ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠬᠠᠲᠤᠭᠲᠠᠢ ᠳ᠋ᠠᠲ᠋ᠣ‍  ᠰᠧ ᠠᠽᠠᠽᠠ ᠸᠠᠨ ᠢᠰᠮᠠᠢᠢᠯ  ᠢ ᠮᠣᠩᠭ᠋ᠣᠯ ᠤᠯᠤᠰ ᠲᠤ ᠲᠠᠪᠠᠲᠠᠢ ᠮᠣᠷᠢᠯᠠᠬᠤ ᠢᠢ ᠬᠦᠰᠡᠭᠡᠳ ᠬᠣᠶᠠᠷ ᠤᠯᠤᠰ ᠤᠨ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠬᠦ ᠬᠦᠰᠡᠯ ᠲᠡᠢ ᠪᠠᠢᠢᠭ᠎ᠠ ᠪᠠᠨ ᠬᠡᠯᠡᠯ᠎ᠡ᠃ ᠲᠡᠭᠦᠨᠴᠢᠯᠡᠨ ᠮᠣᠩᠭ᠋ᠣᠯ ᠤᠯᠤᠰ ᠤᠨ ᠢᠷᠭᠡᠨ ᠱ ∙ ᠠᠯᠲᠠᠨᠲᠤᠶᠠᠭ᠎ᠠ ᠢᠢᠨ ᠠᠮᠢ ᠨᠠᠰᠤ ᠢᠢ ᠮᠠᠯᠠᠢᠢᠽ ᠤᠯᠤᠰ ᠲᠤ ᠬᠥᠨᠥᠭᠡᠭ᠍ᠰᠡᠨ ᠬᠡᠷᠡᠭ ᠢ ᠮᠠᠯᠠᠢᠢᠽ ᠤᠯᠤᠰ ᠤᠨ ᠵᠠᠰᠠᠭ ᠤᠨ ᠭᠠᠵᠠᠷ ᠠᠴᠠ ᠠᠩᠬᠠᠷᠴᠤ᠂ ᠰᠢᠭᠦᠬᠦ ᠪᠠᠢᠢᠭᠤᠯᠤᠯᠭ᠎ᠠ ᠪᠠᠷ ᠦᠨᠡᠨ ᠵᠥᠪ ᠢᠶᠡᠷ ᠰᠢᠢᠳᠪᠦᠷᠢᠯᠡᠭᠦᠯᠬᠦ ᠥᠨᠳᠥᠷ ᠬᠦᠯᠢᠶᠡᠯᠲᠡ ᠡᠭᠦᠰᠦᠭᠰᠡᠨ ᠲᠠᠯ᠎ᠠ ᠪᠠᠷ ᠶᠠᠷᠢᠵᠤ᠂ ᠡᠨᠡ ᠬᠡᠷᠡᠭ ᠲᠥ ᠠᠩᠬᠠᠷᠤᠯ ᠬᠠᠨᠳᠤᠭᠤᠯᠵᠤ ᠥᠭ᠍ᠬᠦ ᠢᠢ ᠬᠦᠰᠡᠪᠡ᠃

 

ᠮᠠᠯᠠᠢᠢᠽ ᠤᠯᠤᠰ ᠤᠨ ᠰᠢᠳᠠᠷ ᠰᠠᠢᠢᠳ᠂ ᠬᠠᠲᠤᠭᠲᠠᠢ ᠳ᠋ᠠᠲ᠋ᠣ‍  ᠰᠧ ᠠᠽᠠᠽᠠ ᠸᠠᠨ ᠢᠰᠮᠠᠢᠢᠯ ᠡᠨᠡ ᠬᠡᠷᠡᠭ ᠲᠥ ᠵᠠᠰᠠᠭ ᠤᠨ ᠭᠠᠵᠠᠷ ᠨᠢ ᠠᠩᠬᠠᠷᠤᠯ ᠲᠠᠯᠪᠢᠵᠤ ᠪᠠᠢᠢᠭ᠎ᠠ ᠲᠠᠯ᠎ᠠ ᠪᠠᠷ ᠬᠡᠯᠡᠵᠦ᠂ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠠᠴᠠ ᠥᠪᠡᠷ ᠦᠨ ᠬᠢ ᠨᠢ ᠤᠯᠤᠰ ᠤᠨ ᠶᠡᠷᠦᠩᠬᠡᠢ ᠰᠠᠢᠢᠳ ᠮᠠᡁᠠᠲ᠋ᠢᠷ ᠪᠢᠨ ᠮᠣᡁᠠᠮᠠᠳ᠋ ᠲᠤ ᠬᠠᠶᠠᠭᠯᠠᠭᠰᠠᠨ ᠵᠠᠬᠢᠳᠠᠯ ᠤᠨ ᠲᠠᠯ᠎ᠠ ᠪᠠᠷ ᠮᠡᠳᠡᠭᠡᠯᠡᠯ ᠲᠡᠢ ᠪᠠᠢᠢᠭ᠎ᠠ ᠭᠡᠯ᠎ᠡ᠃ ᠮᠥᠨ ᠵᠠᠬᠢᠳᠠᠯ ᠳᠤ ᠳᠤᠷᠠᠳᠤᠭᠰᠠᠨᠴᠢᠯᠠᠨ ᠭᠡᠮᠲᠦ ᠡᠲᠡᠭᠡᠳ ᠦᠳ ᠢ ᠰᠢᠭᠦᠬᠦ᠂ ᠰᠢᠭᠦᠬᠦ ᠢᠢᠨ ᠰᠢᠢᠳᠪᠦᠷᠢ ᠢᠢ ᠬᠡᠷᠡᠭᠵᠢᠭᠦᠯᠬᠦ᠂ ᠲᠠᠯᠢᠢᠭᠠᠴᠢ ᠢᠢᠨ ᠠᠷᠤ ᠭᠡᠷ ᠦᠨ ᠬᠢᠨ ᠦ ᠢᠷᠭᠡᠨ ᠦ ᠨᠡᠬᠡᠮᠵᠢᠯᠡᠯ ᠢ ᠰᠢᠭᠦᠬᠦ ᠪᠡᠷ ᠰᠢᠳᠤᠷᠭᠤ ᠪᠠᠷ ᠰᠢᠢᠳᠪᠦᠷᠢᠯᠡᠬᠦ ᠳᠥ ᠵᠠᠰᠠᠭ ᠤᠨ ᠭᠠᠵᠠᠷ ᠨᠢ ᠶᠡᠬᠡᠬᠡᠨ ᠠᠩᠬᠠᠷᠤᠯ ᠬᠠᠨᠳᠤᠭᠤᠯᠵᠤ ᠪᠠᠢᠢᠭ᠎ᠠ ᠲᠠᠯ᠎ᠠ ᠪᠠᠷ ᠶᠠᠷᠢᠪᠠ᠃

 

ᠮᠥᠨ ᠵᠠᠬᠢᠳᠠᠯ ᠣᠴᠢᠭᠰᠠᠨ ᠤ ᠳᠠᠷᠠᠭ᠎ᠠ ᠮᠠᠯᠠᠢᠢᠽᠢ ᠢᠢᠨ ᠬᠣᠯᠪᠣᠭᠠᠨ ᠤ ᠤᠯᠤᠰ ᠤᠨ ᠶᠡᠷᠦᠩᠬᠡᠢ ᠰᠠᠢᠢᠳ ᠮᠠᡁᠠᠲ᠋ᠢᠷ ᠪᠢᠨ ᠮᠣᡁᠠᠮᠠᠳ᠋ ᠱ ∙ ᠠᠯᠲᠠᠨᠲᠤᠶᠠᠭ᠎ᠠ ᠢᠢᠨ ᠠᠪᠤ ᠰ ∙ ᠱᠠᠷᠢᠪᠤᠤ ᠲᠠᠢ ᠠᠭᠤᠯᠵᠠᠭᠰᠠᠨ᠂ ᠮᠣᠩᠭ᠋ᠣᠯ ᠡᠰᠡᠪᠡᠯ ᠮᠠᠯᠠᠢᠢᠽ ᠪᠠᠢᠢᠬᠤ ᠠᠴᠠ ᠦᠯᠦ ᠬᠠᠮᠢᠶᠠᠷᠴᠤ ᠬᠦᠮᠦᠨ ᠪᠦᠷᠢ ᠬᠠᠤᠯᠢ᠂ ᠰᠢᠭᠦᠬᠦ ᠢᠢᠨ ᠡᠮᠦᠨ᠎ᠡ ᠲᠡᠭᠰᠢ ᠡᠷᠬᠡ ᠲᠡᠢ ᠲᠤᠯᠠ ᠬᠡᠷᠡᠭ ᠢ ᠦᠨᠡᠨ ᠵᠥᠪ ᠢᠶᠡᠷ ᠰᠢᠢᠳᠪᠦᠷᠢᠯᠡᠭᠦᠯᠬᠦ ᠳᠥ ᠠᠩᠬᠠᠷᠤᠯ ᠬᠠᠨᠳᠠᠭᠤᠯᠬᠤ ᠪᠠᠨ ᠬᠡᠯᠡᠭᠰᠡᠨ ᠶᠤᠮ᠃ ᠮᠥᠨ ᠬᠠᠲᠤᠭᠲᠠᠢ ᠳ᠋ᠠᠲ᠋ᠣ‍  ᠰᠧ ᠠᠽᠠᠽᠠ ᠸᠠᠨ ᠢᠰᠮᠠᠢᠢᠯ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠢᠨ ᠵᠠᠬᠢᠳᠠᠯ ᠤᠨ ᠬᠠᠷᠢᠭᠤ ᠢᠢ ᠥᠭ᠍ᠬᠦ ᠠᠰᠠᠭᠤᠳᠠᠯ ᠢᠶᠠᠷ ᠨᠤᠲᠤᠭ ᠲᠤ ᠪᠠᠨ ᠣᠴᠢᠭᠠᠳ ᠶᠡᠷᠦᠩᠬᠡᠢ ᠰᠠᠢᠢᠳ ᠲᠠᠢ ᠪᠠᠨ ᠶᠠᠷᠢᠯᠴᠠᠨ᠎ᠠ ᠭᠡᠯ᠎ᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠮᠠᠯᠠᠢᠢᠽ ᠤᠨ ᠬᠣᠯᠪᠣᠭᠠᠨ ᠤ ᠤᠯᠤᠰ ᠤᠨ ᠶᠡᠷᠦᠩᠬᠡᠢ ᠰᠠᠢᠢᠳ ᠮᠠᡁᠠᠲ᠋ᠢᠷ ᠪᠢᠨ ᠮᠣᡁᠠᠮᠠᠳ᠋ ᠲᠤ ᠢᠯᠡᠭᠡᠭ᠍ᠰᠡᠨ ᠵᠠᠬᠢᠳᠠᠯ