ᠬᠠᠩ᠋ᠭᠠᠢ ᠢᠢᠨ ᠨᠢᠷᠤᠭᠤᠨ ᠤ ᠨᠣᠶᠠᠨ ᠣᠷᠭᠢᠯ ᠤᠳ ᠤᠨ ᠨᠢᠭᠡ ᠰᠤᠪᠤᠷᠭ᠎ᠠ ᠬᠠᠢᠢᠷᠬᠠᠨ ᠠᠭᠤᠯᠠ ᠢᠢᠨ ᠲᠩᠷᠢ ᠢᠢ ᠲᠠᠢᠢᠬᠤ ᠶᠣᠰᠣᠯᠠᠯ 2024 ᠣᠨ ᠤ 08 ᠳ᠋ᠤᠭᠠᠷ ᠰᠠᠷ᠎ᠠ ᠢᠢᠨ 16 ᠍ ᠤ ᠡᠳᠦᠷ ᠪᠤᠶᠤ XVII ᠵᠢᠷᠠᠨ ᠤ ᠬᠢᠯᠢᠩᠲᠦ ᠡᠬᠡ ᠬᠡᠮᠡᠬᠦ ᠮᠣᠳᠣᠨ ᠯᠤᠤ ᠵᠢᠯ ᠦᠨ ᠨᠠᠮᠤᠷ ᠤᠨ ᠲᠡᠷᠢᠭᠦᠨ ᠬᠠᠷ᠎ᠠ ᠪᠡᠴᠢᠨ ᠰᠠᠷ᠎ᠠ ᠢᠢᠨ ᠬᠤᠯᠤᠭᠠᠨ᠎ᠠ ᠡᠳᠦᠷ ᠪᠣᠯᠤᠯ᠎ᠠ᠃
ᠲᠠᠬᠢᠯᠭ᠎ᠠ ᠢᠢᠨ ᠶᠣᠰᠣᠯᠠᠯ ᠤᠨ ᠡᠮᠦᠨᠡᠬᠢ ᠣᠷᠣᠢ ᠯᠠᠮᠠ ᠬᠤᠸᠠᠷᠠᠭ ᠤᠳ ᠢᠲᠡᠭᠡᠯ᠂ ᠭᠠᠨᠳᠠᠩᠯᠠᠵᠠ᠂ ᠥᠯᠵᠡᠢᠢᠬᠤᠲᠤᠭ ᠪᠠᠭᠤᠯᠭᠠᠬᠤ ᠰᠠᠩ ᠪᠣᠯᠤᠨ ᠳᠣᠯᠣᠭᠠᠨ ᠪᠤᠷᠬᠠᠨ ᠣᠳᠣ ᠲᠤᠰ ᠪᠦᠷᠢ ᠳᠥ ᠲᠠᠬᠢᠯᠭ᠎ᠠ ᠢᠢᠨ ᠨᠣᠮ ᠬᠤᠷᠠᠪᠠ᠃
ᠬᠠᠢᠢᠷᠬᠠᠨ ᠤ ᠲᠩᠷᠢ ᠢᠢ ᠲᠠᠢᠢᠬᠤ ᠶᠣᠰᠣᠯᠠᠯ ᠡᠬᠢᠯᠡᠬᠦ ᠦᠶ᠎ᠡ ᠳᠥ《ᠭᠠᠨᠵᠤᠤᠷ》 ᠶᠡᠬᠡ ᠬᠥᠯᠭᠡᠨ ᠰᠤᠳᠤᠷ᠂ ᠨᠠᠢᠮᠠᠨ ᠲᠠᠬᠢᠯ ᠢ ᠲᠤᠰᠬᠠᠢᠢᠯᠠᠨ ᠵᠠᠯᠠᠵᠤ᠂ ᠯᠠᠮᠠ ᠨᠠᠷ ᠯᠠᠮᠠᠴᠤᠳᠤᠪ᠂ ᠵᠢᠭᠵᠢᠳ᠂ ᠸᠴᠢᠷᠪᠠᠨᠢ᠂ ᠶᠦᠯᠲᠢᠢ ᠵᠡᠷᠭᠡ ᠨᠣᠮ ᠬᠤᠷᠠᠯ ᠠ᠃
ᠲᠥᠷᠥ ᠢᠢᠨ ᠡᠯᠴᠢ ᠲᠥᠯᠥᠭᠡᠯᠡᠭᠴᠢᠳ ᠦᠨ ᠲᠡᠷᠢᠭᠦᠨ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠠᠰᠠᠨ ᠨᠠᠮᠪᠠᠷ ᠤᠨ ᠡ᠊ᠩᠬᠡᠪᠠᠶᠠᠷ ᠲᠥᠷᠥ ᠢᠢᠨ ᠪᠡᠯᠭᠡᠳᠡᠯ ᠢ ᠢᠯᠡᠷᠬᠡᠢᠢᠯᠡᠵᠦ᠂ ᠬᠦᠨᠳᠦᠲᠦ ᠬᠠᠷᠠᠭᠤᠯ ᠤᠨ ᠳᠥᠷᠪᠡᠨ ᠴᠡᠷᠢᠭ ᠢᠶᠡᠷ ᠬᠠᠮᠠᠭᠠᠯᠠᠭᠤᠯᠤᠨ ᠲᠤᠰᠬᠠᠢᠢᠯᠠᠨ ᠵᠠᠰᠠᠭᠰᠠᠨ ᠲᠠᠯᠠᠪᠠᠢ ᠳᠤ ᠬᠦᠷᠦᠯᠴᠡᠨ ᠢᠷᠡᠪᠡ᠃
ᠬᠦᠨᠳᠦᠳᠥ ᠬᠠᠷᠠᠭᠤᠯ ᠤᠨ ᠴᠡᠷᠢᠭ ᠦᠳ ᠮᠣᠩ᠋ᠭᠣᠯ ᠤᠯᠤᠰ ᠤᠨ ᠲᠥᠷᠥ ᠢᠢᠨ ᠳᠠᠯᠪᠠᠭ᠎ᠠ᠂ ᠪᠦᠬᠦ ᠴᠡᠷᠢᠭ ᠦᠨ ᠶᠡᠬᠡ ᠬᠠᠷ᠎ᠠ ᠰᠦᠯᠳᠡᠨ ᠦ ᠥᠷᠥᠨ᠎ᠡ ᠢᠢᠨ ᠡᠯᠴᠢ ᠰᠦᠯᠳᠡ᠂ ᠠᠷᠤᠬᠠᠩ᠋ᠭᠠᠢ ᠠᠢᠢᠮᠠᠭ ᠤᠨ ᠳᠠᠯᠪᠠᠭ᠎ᠠ᠂ ᠶᠡᠬᠡ ᠡᠵᠡᠨ ᠴᠢᠩ᠋ᠭᠢᠰ ᠬᠠᠭᠠᠨ ᠤ ᠬᠥᠷᠥᠭ᠂ ᠲᠥᠷᠥ ᠢᠢᠨ ᠳᠣᠯᠣᠭᠠᠨ ᠡᠷᠳᠡᠨᠢ ᠢᠢ ᠲᠠᠬᠢᠯ ᠤᠨ ᠰᠢᠷᠡᠭᠡᠨ ᠢᠶᠡᠨ ᠵᠠᠯᠠᠵᠤ ᠪᠠᠢᠢᠷᠢᠯᠠᠭᠤᠯᠤᠯ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠢᠯᠡᠭᠡᠯᠲᠡ ᠢᠢ ᠲᠥᠷᠥ ᠢᠢᠨ ᠡᠯᠴᠢ ᠲᠥᠯᠥᠭᠡᠯᠡᠭᠴᠢᠳ ᠦᠨ ᠲᠡᠷᠢᠭᠦᠨ ᠨᠠ᠊᠂ ᠡ᠊ᠩᠬᠡᠪᠠᠶᠠᠷ ᠶᠣᠰᠣᠯᠠᠯ ᠳᠤ ᠬᠦᠷᠦᠯᠴᠡᠨ ᠢᠷᠡᠭᠰᠡᠨ ᠢᠷᠭᠡᠳ᠂ ᠰᠦᠰᠦᠭᠲᠡᠨ ᠣᠯᠠᠨ ᠳᠤ ᠤᠩᠰᠢᠵᠤ ᠰᠣᠨᠣᠷᠳᠠᠭᠤᠯᠤᠯ᠎ᠠ᠃
ᠶᠡᠷᠦᠩᠬᠡᠢᠢᠯᠡᠭᠴᠢ ᠢᠯᠡᠭᠡᠯᠲᠡ ᠳᠡᠭᠡᠨ᠂ ᠮᠣᠩ᠋ᠭᠣᠯᠴᠤᠳ ᠤᠨ ᠠᠭᠤᠯᠠ ᠣᠪᠣᠭ᠎ᠠ ᠲᠠᠬᠢᠬᠤ ᠥᠪ ᠰᠤᠶᠤᠯ ᠢ 2017 ᠣᠨ ᠳᠤ United Nations Educational Scientific and Cultural Organization ᠢᠢᠨ ᠶᠠᠭᠠᠷᠠᠯᠲᠠᠢ ᠬᠠᠮᠠᠭᠠᠯᠠᠬᠤ ᠱᠠᠭᠠᠷᠳᠠᠯᠭ᠎ᠠ ᠲᠠᠢ ᠰᠤᠶᠤᠯ ᠤᠨ ᠪᠡᠶᠡᠲᠦ ᠪᠤᠰᠤ ᠥᠪ ᠦᠨ ᠳᠡᠯᠡᠬᠡᠢ ᠢᠢᠨ ᠵᠢ᠍ᠭᠰᠠᠭᠠᠯᠲᠠ ᠳᠤ ᠪᠦᠷᠢᠳᠬᠡᠭ᠍ᠰᠡᠨ ᠢ ᠲᠡᠮᠳᠡᠭᠯᠡᠵᠡᠢ᠃
ᠰᠤᠶᠤᠯ ᠤᠨ ᠦᠨᠡᠲᠦ ᠥᠪ᠂ ᠪᠠᠢᠢᠭᠠᠯᠢ ᠳᠡᠯᠡᠬᠡᠢ ᠪᠡᠨ ᠬᠠᠢᠢᠷᠠᠯᠠᠨ ᠬᠠᠮᠠᠭᠠᠯᠠᠬᠤ ᠡᠨᠡ ᠶᠣᠰᠣ ᠵᠠᠩᠰᠢᠯ ᠢ ᠢᠷᠡᠭᠡᠳᠦᠢ ᠬᠣᠢᠢᠴᠢ ᠦᠶ ᠡ ᠳᠡᠭᠡᠨ ᠥᠪᠯᠡᠭᠦᠯᠦᠨ ᠤᠯᠠᠮᠵᠢᠯᠠᠭᠤᠯᠬᠤ ᠳᠤ ᠲᠥᠷᠥ᠂ ᠵᠠᠰᠠᠭ ᠢᠮᠠᠭᠲᠠ ᠠᠩᠬᠠᠷᠴᠤ ᠢᠷᠡᠭᠰᠡᠨ ᠢ ᠣᠨᠴᠠᠯᠠᠭᠰᠠᠨ ᠪᠠᠢᠢᠨ᠎ᠠ᠃
ᠮᠥᠨ ᠨᠤᠲᠤᠭ ᠤᠨ ᠢᠷᠭᠡᠳ ᠦᠨ ᠬᠢᠴᠢᠶᠡᠯ ᠵᠢᠳᠬᠦᠯ ᠦᠨ ᠳ᠋ᠦᠩ ᠳᠥ ᠠᠷᠤᠬᠠᠩ᠋ᠭᠠᠢ ᠠᠢᠢᠮᠠᠭ ᠤᠯᠠᠮ ᠴᠡᠴᠡᠭᠯᠡᠨ ᠬᠥᠭ᠍ᠵᠢᠵᠦ᠂ ᠢᠷᠭᠡᠳ ᠦᠨ ᠠᠬᠤᠢ ᠠᠮᠢᠳᠤᠷᠠᠯ ᠥᠭᠡᠳᠡᠯᠡᠨ ᠳᠡᠪᠵᠢᠬᠦ ᠢᠢᠨ ᠢᠷᠦᠭᠡᠯ ᠡᠷᠭᠦᠨ ᠳᠡᠪᠰᠢᠭᠦᠯᠵᠡᠢ᠃
ᠤᠯᠤᠰ ᠤᠨ ᠶᠡᠬᠡ ᠬᠤᠷᠠᠯ ᠢᠢᠨ ᠭᠡᠰᠢᠭᠦᠨ ᠳᠤᠯᠮ᠎ᠠ ᠢᠢᠨ ᠪᠤᠮᠸᠴᠢᠷ ᠰᠤᠪᠤᠷᠭ᠎ᠠ ᠬᠠᠢᠢᠷᠬᠠᠨ ᠤ ᠲᠩᠷᠢ ᠳᠥ ᠬᠠᠨᠳᠤᠭᠰᠠᠨ ᠠᠢᠢᠯᠠᠳᠬᠠᠯ ᠢ ᠳᠠᠭᠤᠳᠠᠨ ᠰᠣᠨᠣᠰᠬᠠᠵᠤ᠂ ᠲᠣᠷᠭᠠᠨ ᠳᠡᠭᠡᠷ᠎ᠡ ᠪᠢᠴᠢᠭᠰᠡᠨ ᠡᠬᠢ ᠬᠤᠪᠢ ᠢᠢ ᠨᠢ ᠠᠢᠢᠮᠠᠭ ᠤᠨ ᠮᠦᠽᠧᠢ ᠳᠥ ᠬᠠᠳᠠᠭᠠᠯᠠᠭᠤᠯᠬᠤ ᠪᠠᠷ ᠬᠦᠯᠢᠶᠡᠯᠭᠡᠨ ᠥᠭ᠍ᠬᠦᠯ ᠡ᠃
ᠯᠠᠮᠠ ᠬᠤᠸᠠᠷᠠᠭ ᠤᠳ ᠪᠤᠮ ᠴᠠᠭᠠᠨ ᠰᠤᠳᠤᠷ᠂ ᠰᠤᠪᠤᠷᠭ᠎ᠠ ᠬᠠᠢᠢᠷᠬᠠᠨ ᠠᠭᠤᠯᠠ ᠢᠢᠨ ᠰᠠᠩ᠂ ᠳᠡᠪᠵᠢᠳ ᠰᠡᠷᠵᠢᠮ᠂ ᠵᠢᠩᠯᠠᠪ ᠴᠣᠭᠵᠢᠯ ᠨᠣᠮ ᠤᠩᠰᠢᠯ᠎ᠠ᠃
ᠠᠷᠤᠬᠠᠩ᠋ᠭᠠᠢ ᠠᠢᠢᠮᠠᠭ ᠤᠨ ᠡᠷᠳᠡᠨᠢᠪᠤᠯᠭᠠᠨ ᠰᠤᠮᠤ ᠢᠢᠨ ᠢᠷᠭᠡᠨ᠂ ᠠᠢᠢᠮᠠᠭ ᠤᠨ ᠭᠠᠷᠮᠠᠭᠠᠢ ᠮᠡᠷᠭᠡᠨ᠂ ᠰᠫᠣᠷᠲ ᠤᠨ ᠮᠠᠰᠲ᠋ᠸᠷ ᠭ᠂ ᠠᠮᠤᠷᠲᠥ᠋ᠪᠰᠢᠨ ᠬᠠᠢᠢᠷᠬᠠᠨ ᠤ ᠲᠩᠷᠢ ᠳᠥ ᠳᠠᠭᠤᠲᠤ ᠰᠤᠮᠤ ᠢᠯᠡᠭᠡᠭ᠍ᠰᠡᠨ ᠪᠣᠯ᠂ ᠲᠤᠰ ᠠᠢᠢᠮᠠᠭ ᠤᠨ ᠲᠥᠪᠰᠢᠷᠡᠭᠦᠯᠬᠦ ᠰᠤᠮᠤ ᠢᠢᠨ ᠮᠠᠯᠴᠢᠨ ᠪ᠊᠂ ᠪᠠᠲᠤᠲᠤᠯᠭ᠎ᠠ ᠢᠢᠨ ᠮᠣᠷᠢ ᠢᠢ ᠲᠩᠷᠢ ᠢᠢᠨ ᠬᠦᠯᠦᠭ ᠪᠣᠯᠭᠠᠨ ᠰᠡᠲᠡᠷᠯᠡᠯᠡ᠃
ᠮᠣᠩ᠋ᠭᠣᠯ ᠤᠯᠤᠰ ᠤᠨ ᠲᠥᠷᠥ ᠢᠢᠨ ᠳᠠᠯᠪᠠᠭ᠎ᠠ᠂ ᠪᠦᠬᠦ ᠴᠡᠷᠢᠭ ᠦᠨ ᠶᠡᠬᠡ ᠬᠠᠷ᠎ᠠ ᠰᠦᠯᠳᠡᠨ ᠦ ᠥᠷᠥᠨ᠎ᠡ ᠢᠢᠨ ᠡᠯᠴᠢ ᠰᠦᠯᠳᠡ᠂ ᠠᠷᠤᠬᠠᠩ᠋ᠭᠠᠢ ᠠᠢᠢᠮᠠᠭ ᠤᠨ ᠳᠠᠯᠪᠠᠭ᠎ᠠ᠂ ᠴᠢᠩ᠋ᠭᠢᠰ ᠬᠠᠭᠠᠨ ᠤ ᠬᠥᠷᠥᠭ ᠪᠣᠯᠤᠨ ᠲᠥᠷᠥ ᠢᠢᠨ ᠳᠣᠯᠣᠭᠠᠨ ᠡᠷᠳᠡᠨᠢ ᠢᠢ ᠪᠤᠴᠠᠭᠠᠨ ᠵᠠᠯᠠᠭᠰᠠᠨ ᠢᠶᠠᠷ ᠰᠤᠪᠤᠷᠭ᠎ᠠ ᠬᠠᠢᠢᠷᠬᠠᠨ ᠠᠭᠤᠯᠠ ᠢᠢᠨ ᠲᠩᠷᠢ ᠢᠢ ᠲᠠᠢᠢᠬᠤ ᠲᠥᠷᠥ ᠢᠢᠨ ᠶᠣᠰᠣᠯᠠᠯ ᠥᠨᠳᠥᠷᠯᠡᠯ᠎ᠡ᠃
ᠬᠠᠢᠢᠷᠬᠠᠨ ᠢ ᠨᠤᠲᠤᠭ ᠤᠨ ᠢᠷᠭᠡᠳ 《ᠠᠭᠤᠯᠠᠰ ᠤᠨ ᠬᠠᠭᠠᠨ》᠂ 《ᠴᠠᠭᠠᠨ ᠡᠪᠦᠭᠡᠨ ᠠᠭᠤᠯᠠ》᠂ 《ᠶᠡᠬᠡ ᠴᠠᠭᠠᠨ ᠠᠭᠤᠯᠠ》 ᠬᠡᠮᠡᠨ ᠬᠦᠨᠳᠦᠳᠬᠡᠨ ᠨᠡᠷᠡᠯᠡᠵᠦ᠂ ᠵᠢᠯ ᠪᠦᠷᠢ ᠲᠠᠬᠢᠵᠤ ᠢᠷᠡᠭᠰᠡᠨ ᠪᠥᠭᠡᠳ 2007 ᠣᠨ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ ᠲᠥᠷᠥ ᠢᠢᠨ ᠲᠠᠬᠢᠯᠭ᠎ᠠ ᠲᠠᠢ ᠪᠣᠯᠭᠠᠭᠰᠠᠨ ᠲᠡᠦᠬᠡ ᠲᠡᠢ᠃
ᠳᠠᠯᠠᠢ ᠢᠢᠨ ᠲᠦᠪᠰᠢᠨ ᠡᠴᠡ ᠳᠡᠭᠡᠭ᠍ᠰᠢ 3.117 ᠮᠧᠲ᠋ᠷ ᠡᠷᠭᠦᠭ᠍ᠳᠡᠭᠰᠡᠨ ᠰᠤᠪᠤᠷᠭ᠎ᠠ ᠬᠠᠢᠢᠷᠬᠠᠨ ᠠᠭᠤᠯᠠ ᠨᠢ ᠠᠷᠤᠬᠠᠩ᠋ᠭᠠᠢ ᠠᠢᠢᠮᠠᠭ ᠤᠨ ᠴᠡᠩᠬᠡᠷ ᠰᠤᠮᠤ ᠢᠢᠨ ᠨᠤᠲᠤᠭ ᠲᠤ ᠣᠷᠣᠰᠢᠳᠠᠭ᠃ ᠬᠣᠷᠮᠣᠢ ᠪᠠᠷ ᠢᠶᠠᠨ ᠣᠢ ᠮᠣᠳᠣ ᠪᠠᠷ ᠬᠤᠴᠢᠭᠳᠠᠭᠰᠠᠨ᠂ ᠨᠢᠴᠦᠭᠦᠨ ᠣᠷᠣᠢ ᠲᠠᠢ᠂ ᠨᠣᠶᠠᠨ ᠣᠷᠭᠢᠯ ᠠᠴᠠ ᠪᠠᠨ ᠳᠣᠭᠣᠬᠠᠨ᠂ ᠠᠭᠤᠯᠠ ᠢᠢᠨ ᠡ᠊ᠩ᠋ᠭᠡᠷ ᠲᠠᠯ᠎ᠠ ᠳᠠᠭᠠᠨ ᠲᠤᠩ᠋ᠭᠠᠯᠠᠭ ᠨᠠᠭᠤᠷ ᠲᠠᠢ᠂ ᠵᠠᠪᠢᠯᠠᠭᠠᠳ ᠰᠠᠭᠤᠵᠤ ᠪᠤᠢ ᠬᠦᠮᠦᠨ ᠰᠢᠭ ᠰᠣᠨᠢᠨ ᠲᠣᠭᠲᠠᠴᠠ ᠲᠠᠢ᠃
ᠣᠯᠠᠨ ᠠᠭᠤᠯᠠ᠂ ᠨᠢᠷᠤᠭᠤᠨ ᠳᠤ ᠰᠠᠯᠪᠤᠷᠢᠯᠠᠭᠰᠠᠨ ᠬᠠᠢᠢᠷᠬᠠᠨ ᠠᠴᠠ ᠣᠷᠬᠣᠨ᠂ ᠤᠷᠳᠤ ᠲᠠᠮᠢᠷ᠂ ᠴᠡᠴᠡᠷᠯᠢᠭ ᠦᠨ ᠭᠣᠣᠯ ᠡᠬᠢ ᠠᠪᠳᠠᠭ᠂ ᠬᠠᠩ᠋ᠭᠠᠢ ᠢᠢᠨ ᠨᠢᠷᠤᠭᠤᠨ ᠤ ᠤᠰᠤᠨ ᠤ ᠭᠣᠣᠯ ᠬᠠᠭᠠᠯᠪᠤᠷᠢ ᠭᠠᠵᠠᠷ ᠶᠤᠮ᠃
ᠰᠤᠪᠤᠷᠭ᠎ᠠ ᠬᠠᠢᠢᠷᠬᠠᠨ ᠠᠭᠤᠯᠠ ᠢᠢᠨ ᠰᠠᠯᠪᠤᠷᠢ ᠵᠢᠷᠠᠨ ᠴᠦᠩᠬᠦᠯᠭᠡ ᠠᠭᠤᠯᠠ ᠢᠢᠨ ᠣᠷᠣᠢ ᠳᠤ ᠪᠠᠢᠢᠬᠤ ᠴᠢᠩ᠋ᠭᠢᠰ ᠬᠠᠭᠠᠨ ᠤ ᠲᠦᠮᠡᠨ ᠴᠡᠷᠢᠭ ᠦᠨ ᠣᠪᠣᠭ᠎ᠠ ᠢᠢ ᠶᠡᠬᠡ ᠬᠠᠭᠠᠨ ᠤ ᠴᠡᠷᠢᠭ ᠪᠠᠷᠠᠭᠤᠨ ᠵᠦᠭ ᠢ ᠳᠠᠢᠢᠯᠠᠷ ᠠ ᠮᠣᠷᠳᠠᠬᠤ ᠳᠠᠭᠠᠨ ᠪᠣᠰᠬᠠᠭᠰᠠᠨ ᠳᠣᠮᠣᠭ ᠲᠠᠢ᠃