Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ᠂ ᠰᠯᠣᠸᠧᠨᠢ ᠢᠢᠨ ᠬᠠᠷᠢᠯᠴᠠᠭ᠎ᠠ᠂ ᠬᠠᠮᠲᠤ ᠢᠢᠨ ᠠᠵᠢᠯᠯᠠᠭᠠᠨ ᠤ ᠪᠠᠷᠢᠮᠲᠠ ᠪᠢᠴᠢᠭ ᠦᠳ ᠲᠦ ᠭᠠᠷ ᠤᠨ ᠦᠰᠦᠭ ᠵᠢᠷᠤᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠤᠷᠢᠯᠭ᠎ᠠ ᠪᠠᠷ ᠪᠦᠭᠦᠳᠡ ᠨᠠᠢᠢᠷᠠᠮᠳᠠᠬᠤ ᠰᠯᠣᠸᠧᠨᠢ ᠤᠯᠤᠰ ᠤᠨ ᠶᠡᠷᠦᠩᠬᠡᠢᠢᠯᠡᠭᠴᠢ ᠳ᠋ᠷ᠊᠂ ᠨᠠᠲ᠋ᠠᠱᠠ ᠫᠢᠷᠼ ᠮᠦ᠋ᠰᠠᠷ 2024 ᠣᠨ ᠤ 08 ᠳ᠋ᠤᠭᠠᠷ ᠰᠠᠷ᠎ᠠ ᠢᠢᠨ 20-21 ᠍ ᠦ ᠡᠳᠦᠷ ᠦᠳ ᠲᠥ ᠲᠥᠷᠥ ᠢᠢᠨ ᠠᠢᠢᠯᠴᠢᠯᠠᠯ ᠬᠢᠵᠦ ᠪᠠᠢᠢᠨ᠎ᠠ᠃

ᠠᠢᠢᠯᠴᠢᠯᠠᠯ ᠤᠨ ᠦᠶ᠎ᠡ ᠪᠡᠷ ᠬᠣᠶᠠᠷ ᠤᠯᠤᠰ ᠤᠨ ᠲᠥᠷᠥ ᠢᠢᠨ ᠲᠡᠷᠢᠭᠦᠨ 《ᠮᠣᠩ᠋ᠭᠣᠯ᠂ ᠰᠯᠣᠸᠧᠨᠢ ᠢᠢᠨ ᠬᠠᠮᠲᠤᠷᠠᠭᠰᠠᠨ ᠲᠤᠩᠬᠠᠭᠯᠠᠯ》 ᠍ ᠳᠤ ᠭᠠᠷ ᠤᠨ ᠦᠰᠦᠭ ᠵᠢᠷᠤᠯ᠎ᠠ᠃

1. 《ᠮᠣᠩ᠋ᠭᠣᠯ᠂ ᠰᠯᠣᠸᠧᠨᠢ ᠢᠢᠨ ᠬᠠᠮᠲᠤᠷᠠᠭᠰᠠᠨ ᠲᠤᠩᠬᠠᠭᠯᠠᠯ》

ᠲᠥᠷᠥ ᠢᠢᠨ ᠲᠡᠷᠢᠭᠦᠨ ᠨᠤᠭᠦᠳ ᠡ᠊ᠩᠬᠡ ᠲᠠᠢᠢᠪᠤᠩ᠂ ᠠᠶᠤᠯ ᠦᠭᠡᠢ ᠪᠠᠢᠢᠳᠠᠯ ᠢ ᠬᠠᠩ᠋ᠭᠠᠬᠤ᠂ ᠲᠣᠭᠲᠠᠪᠤᠷᠢᠲᠠᠢ ᠬᠥᠭ᠍ᠵᠢᠯ ᠢ ᠴᠣᠭᠴᠠᠯᠠᠭᠠᠬᠤ᠂ ᠠᠭᠤᠷ ᠠᠮᠢᠰᠬᠤᠯ ᠤᠨ ᠵᠣᠬᠢᠰᠲᠠᠢ ᠪᠠᠢᠢᠳᠠᠯ᠂ ᠬᠦᠮᠦᠨ ᠪᠦᠷᠢ ᠢᠢᠨ ᠡᠷᠬᠡ ᠢᠢ ᠬᠠᠩ᠋ᠭᠠᠬᠤ᠂ ᠲᠤᠬᠠᠢᠢᠯᠠᠪᠠᠯ᠂ ᠠᠭᠤᠷ ᠠᠮᠢᠰᠬᠤᠯ ᠤᠨ ᠥᠭᠡᠷᠡᠴᠢᠯᠡᠯᠲᠡ᠂ ᠪᠢᠣᠯᠣᠭᠢ ᠢᠢᠨ ᠣᠯᠠᠨ ᠶᠠᠩᠵᠤ ᠪᠠᠢᠢᠳᠠᠯ ᠤᠨ ᠠᠯᠳᠠᠭᠳᠠᠯ᠂ ᠴᠥᠯᠵᠢᠯᠲᠡ ᠲᠡᠢ ᠲᠡᠮᠡᠴᠡᠬᠦ᠂ ᠬᠦᠨᠡᠰᠦᠨ ᠦ ᠠᠶᠤᠯ ᠦᠭᠡᠢ ᠪᠠᠢᠢᠳᠠᠯ ᠢ ᠬᠠᠩ᠋ᠭᠠᠬᠤ ᠵᠡᠷᠭᠡ ᠳᠥ ᠡᠮᠡᠭᠲᠡᠢᠢᠴᠦᠳ ᠦᠨ ᠣᠷᠣᠯᠴᠠᠭ᠎ᠠ ᠢᠢ ᠨᠡᠮᠡᠭᠳᠡᠭᠦᠯᠬᠦ᠂ ᠨᠡᠢᠢᠭᠡᠮ ᠤᠨ ᠪᠦᠬᠦ ᠰᠠᠯᠪᠤᠷᠢ ᠳᠤ ᠵᠧᠨ᠋ᠳᠧᠷ ᠦᠨ ᠲᠡᠭᠰᠢ ᠪᠠᠢᠢᠳᠠᠯ᠂ ᠡᠮᠡᠭᠲᠡᠢᠢᠴᠦᠳ ᠦᠨ ᠡᠷᠬᠡ ᠢᠢ ᠳᠡᠮᠵᠢᠬᠦ ᠳᠥ ᠴᠢᠭᠯᠡᠭᠰᠡᠨ ᠣᠯᠠᠨ ᠤᠯᠤᠰ ᠤᠨ ᠬᠦᠴᠦ ᠴᠢᠷᠮᠠᠢᠢᠯᠲᠠ ᠳᠤ ᠬᠤᠪᠢ ᠨᠡᠮᠡᠷᠢ ᠪᠡᠨ ᠤᠷᠤᠭᠤᠯᠬᠤ ᠰᠠᠨᠠᠯ᠂ ᠰᠠᠨᠠᠭᠠᠴᠢᠯᠠᠭ᠎ᠠ ᠢᠢ ᠳᠡᠮᠵᠢᠵᠦ ᠪᠠᠢᠢᠭ᠎ᠠ ᠪᠠᠨ ᠨᠣᠲᠠᠯᠠᠯ᠎ᠠ᠃

ᠮᠣᠩ᠋ᠭᠣᠯ ᠤᠯᠤᠰ ᠤᠨ ᠡ᠊ᠩᠬᠡ ᠢᠢ ᠡᠷᠬᠢᠮᠯᠡᠭᠰᠡᠨ᠂ ᠨᠡᠭᠡᠭᠡᠯᠲᠡᠲᠡᠢ᠂ ᠪᠡᠶ᠎ᠡ ᠳᠠᠭᠠᠭᠠᠭᠰᠠᠨ᠂ ᠣᠯᠠᠨ ᠲᠤᠯᠭᠠᠭᠤᠷᠢᠲᠤ ᠭᠠᠳᠠᠭᠠᠳᠤ ᠪᠣᠳᠣᠯᠭ᠎ᠠ᠂ 《ᠭᠤᠷᠪᠠᠳᠠᠭᠴᠢ ᠬᠥᠷᠰᠢ》 ᠢᠢᠨ ᠪᠣᠳᠣᠯᠭ᠎ᠠ ᠪᠣᠯᠤᠨ ᠪᠦᠭᠦᠳᠡ ᠨᠠᠢᠢᠷᠠᠮᠳᠠᠬᠤ ᠰᠯᠣᠸᠧᠨᠢ ᠤᠯᠤᠰ ᠤᠨ ᠡ᠊ᠩᠬᠡ ᠲᠠᠢᠢᠪᠤᠩ᠂ ᠠᠶᠤᠯ ᠦᠭᠡᠢ ᠪᠠᠢᠢᠳᠠᠯ᠂ ᠬᠥᠭ᠍ᠵᠢᠯ ᠴᠡᠴᠡᠭᠯᠡᠯ᠂ ᠬᠣᠶᠠᠷ ᠲᠠᠯ᠎ᠠ ᠢᠢᠨ ᠰᠠᠢᠢᠨ ᠬᠠᠷᠢᠯᠴᠠᠭ᠎ᠠ᠂ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠲᠥᠪ ᠲᠡᠢ ᠣᠯᠠᠨ ᠲᠠᠯᠠᠲᠤ ᠲᠣᠭᠲᠠᠯᠴᠠᠭᠠᠨ ᠤ ᠲᠥᠯᠦᠭᠡᠬᠢ ᠬᠦᠴᠦᠨ ᠴᠢᠷᠮᠠᠢᠢᠯᠲᠠ ᠢᠢ ᠤᠶᠠᠯᠳᠤᠭᠤᠯᠵᠤ᠂ ᠨᠠᠢᠢᠷᠰᠠᠭ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠬᠦ ᠪᠡᠷ ᠲᠣᠬᠢᠷᠠᠯᠴᠠᠪᠠ᠃

2. 《ᠠᠶᠠᠯᠠᠯ ᠵᠢᠭᠤᠯᠴᠢᠯᠠᠯ ᠢᠢᠨ ᠰᠠᠯᠪᠤᠷᠢ ᠳᠤ ᠬᠠᠮᠲᠤᠷᠠᠨ ᠠᠵᠢᠯᠯᠠᠬᠤ ᠲᠤᠬᠠᠢ ᠮᠣᠩ᠋ᠭᠣᠯ ᠤᠯᠤᠰ ᠤᠨ ᠰᠣᠶᠤᠯ᠂ ᠰᠫᠣᠷᠲ᠋᠂ ᠠᠶᠠᠯᠠᠯ ᠵᠢᠭᠤᠯᠴᠢᠯᠠᠯ᠂ ᠵᠠᠯᠠᠭᠤᠴᠤᠳ ᠤᠨ ᠶᠠᠮᠤ᠂ ᠪᠠᠷ ᠪᠦᠭᠦᠳᠡ ᠨᠠᠢᠢᠷᠠᠮᠳᠠᠬᠤ ᠰᠯᠣᠸᠧᠨᠢ ᠤᠯᠤᠰ ᠤᠨ ᠡᠳ᠋ ‍ᠦᠨ ᠵᠠᠰᠠᠭ᠂ ᠠᠶᠠᠯᠠᠯ ᠵᠢᠭᠤᠯᠴᠢᠯᠠᠯ ᠂ ᠰᠫᠣᠷᠲ᠋ ᠤᠨ ᠶᠠᠮᠤ ᠬᠣᠭᠤᠷᠤᠨᠳᠤ ᠢᠢᠨ ᠰᠠᠨᠠᠮᠵᠢ ᠪᠢᠴᠢᠭ᠌》

ᠬᠠᠮᠲᠤᠷᠠᠭᠰᠠᠨ ᠲᠥᠰᠥᠯ᠂ ᠬᠥᠲᠥᠯᠪᠦᠷᠢ ᠬᠡᠷᠡᠭᠵᠢᠭᠦᠯᠬᠦ᠂ ᠵᠢᠭᠤᠯᠴᠢᠳ ᠤᠨ ᠲᠣᠭ᠎ᠠ ᠢᠢ ᠨᠡᠮᠡᠭᠳᠡᠭᠦᠯᠬᠦ᠂ ᠣᠯᠠᠨ ᠤᠯᠤᠰ ᠲᠤ ᠥᠷᠢᠰᠦᠯᠳᠦᠬᠦ ᠴᠢᠳᠠᠪᠤᠷᠢ ᠪᠦᠬᠦᠢ ᠲᠣᠭᠲᠠᠪᠤᠷᠢᠲᠠᠢ ᠠᠶᠠᠯᠠᠯ ᠵᠢᠭᠤᠯᠴᠢᠯᠠᠯ ᠢ ᠬᠥᠭ᠍ᠵᠢᠭᠦᠯᠦᠨ᠎ᠡ᠃ ᠠᠶᠠᠯᠠᠯ ᠵᠢᠭᠤᠯᠴᠢᠯᠠᠯ ᠤᠨ ᠪᠦᠲᠦᠭᠡᠭ᠍ᠳᠡᠬᠦᠨ᠂ ᠦᠢᠯᠡᠴᠢᠯᠡᠭᠡ᠂ ᠪᠣᠯᠤᠮᠵᠢ ᠢᠢ ᠡᠷᠢᠯᠬᠢᠯᠡᠭᠰᠡᠨ ᠬᠠᠮᠲᠤᠷᠠᠭᠰᠠᠨ ᠰᠤᠳᠤᠯᠭ᠎ᠠ ᠬᠢᠬᠦ᠂ ᠠᠶᠠᠯᠠᠯ ᠵᠢᠭᠤᠯᠴᠢᠯᠠᠯ ᠤᠨ ᠮᠠᠷᠻᠧᠲ᠋ᠢᠩ᠂ ᠰᠤᠷᠲᠠᠯᠴᠢᠯᠠᠭ᠎ᠠ ᠢᠢ ᠡᠷᠴᠢᠮᠵᠢᠭᠦᠯᠬᠦ᠂ ᠡᠻᠣ ᠠᠶᠠᠯᠠᠯ ᠵᠢᠭᠤᠯᠴᠢᠯᠠᠯ ᠢ ᠬᠥᠭ᠍ᠵᠢᠭᠦᠯᠬᠦ᠂ ᠪᠠᠢᠢᠭᠠᠯᠢ ᠢᠢᠨ ᠪᠠᠶᠠᠯᠢᠭ᠂ ᠰᠤᠶᠤᠯ ᠤᠨ ᠥᠪ ᠢ ᠬᠠᠮᠠᠭᠠᠯᠠᠬᠤ ᠴᠢᠭᠯᠡᠯ ᠢᠶᠡᠷ ᠬᠠᠮᠲᠤᠷᠠᠨ᠎ᠠ᠃

3. 《ᠠᠭᠠᠷ ᠤᠨ ᠬᠠᠷᠢᠯᠴᠠᠭᠠᠨ ᠤ ᠲᠤᠬᠠᠢ ᠵᠠᠰᠠᠭ ᠤᠨ ᠭᠠᠵᠠᠷ ᠬᠣᠭᠤᠷᠤᠨᠳᠤ ᠢᠢᠨ ᠬᠡᠯᠡᠯᠴᠡᠭᠡᠷ ᠪᠠᠶᠢᠭᠤᠯᠬᠤ ᠠᠰᠠᠭᠤᠳᠠᠯ ᠢᠢᠠᠷ ᠬᠢ ᠡᠷᠡᠮᠡᠯᠵᠡᠯ ‍ᠦᠨ ᠵᠠᠬᠢᠳᠠᠯ》

ᠨᠢᠰᠦᠯᠭᠡ ᠦᠢᠯᠡᠳᠬᠦ ᠡᠷᠬᠡ ᠵᠦᠢ ᠢᠢᠨ ᠣᠷᠴᠢᠨ ᠪᠥᠷᠢᠳᠬᠦ᠂ ᠢᠷᠭᠡᠳ᠂ ᠠᠵᠤ ᠠᠬᠤᠢ ᠢᠢᠨ ᠨᠢᠭᠡᠴᠡ ᠢᠢᠨ ᠵᠣᠷᠴᠢᠬᠤ ᠬᠥᠳᠡᠯᠭᠡᠭᠡᠨ ᠢ ᠬᠥᠩ᠋ᠭᠡᠪᠴᠢᠯᠡᠬᠦ᠂ ᠬᠤᠳᠠᠯᠳᠤᠭ᠎ᠠ᠂ ᠡᠳ᠋ ᠦᠨ ᠵᠠᠰᠠᠭ ᠤᠨ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠬᠥᠭ᠍ᠵᠢᠬᠦ ᠠᠴᠢ ᠬᠣᠯᠪᠣᠭᠳᠠᠯ ᠲᠠᠢ᠃ ᠲᠠᠯ ᠠ ᠨᠤᠭᠤᠳ ᠣᠢᠢᠷ᠎ᠠ ᠢᠢᠨ ᠬᠤᠭᠤᠴᠠᠭᠠᠨ ᠳᠤ ᠵᠠᠰᠠᠭ ᠤᠨ ᠭᠠᠵᠠᠷ ᠬᠣᠭᠣᠷᠣᠨᠳᠣ ᠢᠢᠨ ᠬᠡᠯᠡᠯᠴᠡᠭᠡᠷ ᠲᠥ ᠭᠠᠷ ᠤᠨ ᠦᠰᠦᠭ ᠵᠢᠷᠤᠵᠤ᠂ ᠬᠡᠷᠡᠭᠵᠢᠭᠦᠯᠵᠦ ᠡᠬᠢᠯᠡᠬᠦ ᠪᠡᠷ ᠲᠣᠬᠢᠷᠠᠯᠴᠠᠯ᠎ᠠ᠃

4. 《ᠣᠢ ᠢᠢᠨ ᠰᠠᠯᠪᠤᠷᠢ ᠳᠤ ᠬᠠᠮᠲᠤᠷᠠᠨ ᠠᠵᠢᠯᠯᠠᠬᠤ ᠲᠤᠬᠠᠢ ᠣᠢ ᠢᠢᠨ ᠭᠠᠵᠠᠷ ᠪᠦᠭᠦᠳᠡ ᠨᠠᠢᠢᠷᠠᠮᠳᠠᠬᠤ ᠰᠯᠣᠸᠧᠨᠢ ᠤᠯᠤᠰ ᠤᠨ ᠣᠢ ᠢᠢᠨ ᠠᠯᠪᠠ᠂ ᠣᠢ ᠢᠢᠨ ᠬᠦᠷᠢᠶᠡᠯᠡᠩ ᠬᠣᠭᠤᠷᠤᠨᠳᠤ ᠢᠢᠨ ᠬᠠᠷᠢᠯᠴᠠᠨ ᠣᠶᠢᠯᠠᠭᠠᠯᠴᠠᠯ ᠤᠨ ᠰᠠᠨᠠᠮᠵᠢ ᠪᠢᠴᠢᠭ᠌》

ᠲᠣᠭᠲᠠᠪᠤᠷᠢᠲᠠᠢ᠂ ᠤᠷᠲᠤ ᠬᠤᠭᠤᠴᠠᠭᠠᠨ ᠤ ᠬᠠᠮᠲᠤ ᠢᠢᠨ ᠠᠵᠢᠯᠯᠠᠭ᠎ᠠ ᠢᠢ ᠥᠷᠨᠢᠭᠦᠯᠵᠦ᠂ ᠣᠢ ᠢᠢᠨ ᠠᠵᠤ ᠠᠬᠤᠢ᠂ ᠣᠢ ᠢᠢᠨ ᠲᠣᠭᠲᠠᠪᠤᠷᠢᠲᠠᠢ ᠮᠧᠨᠧᠵᠮᠧᠨ᠋ᠲ ᠢ ᠬᠥᠭ᠍ᠵᠢᠭᠦᠯᠦᠨ᠎ᠡ᠃ ᠴᠥᠯᠵᠢᠯᠲᠡ᠂ ᠬᠥᠷᠦᠰᠦᠨ ᠦ ᠳᠣᠷᠣᠢᠢᠲᠠᠯ᠂ ᠡᠯᠡᠭᠳᠡᠯ ᠲᠡᠢ ᠲᠡᠮᠡᠴᠡᠬᠦ ᠵᠣᠷᠢᠯᠭ᠎ᠠ ᠪᠠᠷ ᠮᠣᠳᠣ ᠲᠠᠷᠢᠬᠤ᠂ ᠣᠢᠢᠵᠢᠭᠤᠯᠬᠤ᠂ ᠣᠢ ᠢᠢ ᠨᠥᠬᠥᠨ ᠰᠡᠷᠭᠦᠭᠡᠬᠦ ᠴᠢᠭᠯᠡᠯ ᠢᠶᠡᠷ ᠲᠤᠷᠰᠢᠯᠭ᠎ᠠ ᠰᠤᠯᠢᠯᠴᠠᠬᠤ᠂ ᠠᠭᠷ‍ᠣ‍ - ᠣᠢ ᠢᠢᠨ ᠠᠵᠤ ᠠᠬᠤᠢ ᠢᠢᠨ ᠰᠢᠯᠢᠳᠡᠭ ᠲᠧᠭᠨᠣᠯᠣᠭᠢ᠂ ᠲᠣᠨᠣᠭ ᠲᠥᠬᠥᠭᠡᠷᠦᠮᠵᠢ ᠨᠡᠪᠲᠡᠷᠡᠭᠦᠯᠬᠦ᠂ ᠣᠢ ᠢᠢ ᠡᠳ᠋ ᠦᠨ ᠵᠠᠰᠠᠭ᠂ ᠠᠶᠠᠯᠠᠯ ᠵᠢᠭᠤᠯᠴᠢᠯᠠᠯ᠂ ᠨᠡᠢᠢᠭᠡᠮ᠂ ᠰᠤᠶᠤᠯ ᠤᠨ ᠰᠠᠯᠪᠤᠷᠢ ᠢᠢᠨ ᠵᠣᠷᠢᠭᠤᠯᠤᠯᠲᠠ ᠪᠠᠷ ᠠᠰᠢᠭᠯᠠᠬᠤ ᠨᠥᠭᠡᠴᠡ᠂ ᠪᠣᠯᠤᠮᠵᠢ ᠢᠢ ᠪᠦᠷᠢᠳᠦᠭᠦᠯᠵᠦ᠂ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠳᠥ ᠬᠤᠪᠢ ᠨᠡᠮᠡᠷᠢ ᠣᠷᠣᠭᠤᠯᠤᠨ᠎ᠠ᠃

5. 《ᠮᠣᠩᠭ᠋ᠤᠯ ᠤᠨ ᠦᠨᠳᠦᠰᠦᠨ ᠦ ᠬᠤᠳᠠᠯᠳᠤᠭ᠎ᠠ ᠠᠵᠤ ᠦᠢᠯᠡᠳᠪᠦᠷᠢ ᠢᠢᠨ ᠲᠠᠩᠬᠢᠮ ᠪᠣᠯᠤᠨ ᠰᠯᠣᠸᠧᠨᠢ ᠢᠢᠨ ᠬᠤᠳᠠᠯᠳᠤᠭ᠎ᠠ ᠠᠵᠤ ᠦᠢᠯᠡᠳᠪᠦᠷᠢ ᠢᠢᠨ ᠲᠠᠩᠬᠢᠮ ᠬᠣᠭᠤᠷᠤᠨᠳᠤ ᠢᠢᠨ ᠬᠠᠷᠢᠯᠴᠠᠨ ᠣᠶᠢᠯᠠᠭᠠᠯᠴᠠᠯ ᠤᠨ ᠰᠠᠨᠠᠮᠵᠢ ᠪᠢᠴᠢᠭ᠌》

ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠬᠦ᠂ ᠪᠢᠽᠢᠨ᠋᠋ᠧᠰ ᠠᠭᠤᠯᠵᠠᠯᠲᠠ᠂ ᠹᠣᠷᠦ᠋ᠮ ᠵᠣᠬᠢᠶᠠᠨ ᠪᠠᠢᠢᠭᠤᠯᠬᠤ᠂ ᠬᠥᠷᠥᠩ᠋ᠭᠡ ᠣᠷᠣᠭᠤᠯᠤᠯᠲᠠ᠂ ᠪᠢᠽᠢᠨ᠋᠋ᠧᠰ ᠦᠨ ᠲᠥᠰᠥᠯ ᠬᠥᠲᠥᠯᠪᠦᠷᠢ ᠨᠤᠭᠦᠳ ᠢ ᠳᠡᠮᠵᠢᠨ᠎ᠡ᠃ ᠭᠠᠷᠠᠭᠠᠨ ᠤ ᠪᠢᠽᠢᠨ᠋᠋ᠧᠰ᠂ ᠵᠢᠵᠢᠭ ᠳᠤᠮᠳᠠ ᠦᠢᠯᠡᠳᠪᠦᠷᠢ ᠨᠤᠭᠦᠳ ᠢ ᠳᠡᠮᠵᠢᠵᠦ᠂ ᠠᠵᠤ ᠦᠢᠯᠡᠳᠪᠦᠷᠢ ᠢᠢᠨ ᠰᠠᠯᠪᠤᠷᠢ ᠢᠢᠨ ᠬᠠᠮᠲᠤ ᠢᠢᠨ ᠠᠵᠢᠯᠯᠠᠭ᠎ᠠ ᠢᠢ ᠬᠥᠭ᠍ᠵᠢᠭᠦᠯᠦᠨ᠂ ᠪᠢᠽᠢᠨ᠋᠋ᠧᠰ ᠦᠳ ᠲᠦ ᠵᠥᠪᠯᠡᠭᠡ᠂ ᠵᠥᠪᠯᠡᠮᠵᠢ ᠥᠭᠴᠦ᠂ ᠬᠠᠮᠲᠤᠷᠠᠭᠰᠠᠨ ᠪᠢᠽᠢᠨ᠋᠋ᠧᠰ ᠠᠭᠤᠯᠵᠠᠯᠲᠠ ᠪᠣᠯᠤᠨ ᠪᠤᠰᠤᠳ ᠠᠷᠭ᠎ᠠ ᠬᠡᠮᠵᠢᠶ᠎ᠡ ᠵᠣᠬᠢᠶᠠᠨ ᠪᠠᠢᠢᠭᠤᠯᠵᠤ᠂ ᠪᠢᠽᠢᠨ᠋᠋ᠧᠰ ᠡᠷᠬᠢᠯᠡᠭᠴᠢᠳ ᠢ ᠬᠣᠯᠪᠣᠨ᠎ᠠ᠃