ᠡᠨᠡ ᠡᠳᠦᠷ ᠦᠳ ᠲᠥ ᠬᠠᠯᠬ᠎ᠠ ᠢᠢᠨ ᠭᠣᠣᠯ ᠤᠨ ᠪᠠᠢᠢᠯᠳᠤᠭᠠᠨ ᠤ ᠢᠯᠠᠯᠲᠠ ᠢᠢᠨ ᠲᠡᠦᠬᠡᠲᠦ 85 ᠵᠢᠯ ᠦᠨ ᠣᠢ ᠲᠣᠬᠢᠶᠠᠵᠤ ᠪᠠᠢᠢᠨ᠎ᠠ᠃
《ᠰᠤᠮᠤᠨ ᠳᠤᠮᠳᠠᠭᠤᠷ ᠭᠦᠶᠦᠵᠦ ᠶᠠᠪᠤᠯ᠎ᠠ》 ᠬᠡᠮᠡᠨ ᠳᠤᠷᠠᠰᠬᠤ ᠼ ∙ ᠴᠢᠮᠢᠳᠴᠡᠷᠢᠩ ᠭᠤᠸᠠᠢ ᠡᠳᠦᠭᠡ 100 ᠭᠠᠷᠤᠢ ᠨᠠᠰᠤ ᠵᠣᠭᠣᠭᠯᠠᠵᠤ ᠪᠠᠢᠢᠨ᠎ᠠ᠃ ᠢᠯᠠᠯᠲᠠ ᠢᠢᠨ ᠣᠢ ᠢᠢᠨ ᠪᠠᠶᠠᠷ ᠤᠨ ᠬᠠᠮᠤᠭ ᠤᠨ ᠬᠦᠨᠳᠦ ᠲᠡᠢ ᠵᠣᠴᠢᠨ ᠲᠡᠷᠡ ᠪᠡᠷ᠎ᠡ ᠬᠠᠯᠬ᠎ᠠ ᠢᠢᠨ ᠭᠣᠣᠯ ᠤᠨ ᠪᠠᠢᠢᠯᠳᠤᠭᠠᠨ ᠳᠤ ᠰᠠᠢᠢᠨ ᠳᠤᠷ᠎ᠠ ᠪᠠᠷ ᠢᠶᠠᠨ ᠣᠷᠣᠯᠴᠠᠭᠰᠠᠨ 14-18 ᠨᠠᠰᠤᠨ ᠤ 16 ᠥᠬᠢᠨ ᠤ ᠨᠢᠭᠡ᠃ ᠴᠢᠯᠦᠭᠡᠯᠡᠬᠦ ᠳᠠᠢᠢᠨ ᠳᠤ ᠴᠡᠷᠢᠭ ᠦᠨ ᠰᠤᠪᠢᠯᠠᠭᠴᠢ ᠪᠠᠷ ᠠᠵᠢᠯᠯᠠᠵᠤ ᠪᠠᠢᠢᠭᠰᠠᠨ ᠠᠬᠠᠮᠠᠳ ᠳᠠᠢᠢᠴᠢᠨ ᠶᠤᠮ᠃
ᠼ᠂ ᠴᠢᠮᠢᠳᠴᠡᠷᠢᠩ ᠭᠤᠸᠠᠢ 1939 ᠣᠨ ᠳᠤ ᠬᠠᠯᠬ᠎ᠠ ᠢᠢᠨ ᠭᠣᠣᠯ ᠤᠨ ᠪᠠᠢᠢᠯᠳᠤᠭᠠᠨ ᠡᠬᠢᠯᠡᠬᠦ ᠳᠥ 15 ᠨᠠᠰᠤᠲᠠᠢ᠂ ᠪᠠᠶᠠᠨᠳᠤᠩ ᠤᠨ ᠣᠬᠢᠳ ᠤᠨ ᠲᠦᠷᠢ ᠰᠤᠷᠭᠠᠭᠤᠯᠢ ᠳᠤ ᠰᠤᠷᠴᠤ ᠪᠠᠢᠢᠭᠰᠠᠨ᠃ 《ᠭᠡᠨᠡᠳᠲᠡ ᠢᠢᠨ ᠳᠠᠭᠠᠷᠢᠯᠲᠠ ᠪᠣᠯᠤᠯ᠎ᠠ ᠭᠡᠬᠦ ᠢᠢ ᠰᠣᠨᠣᠰᠤᠭᠠᠳ᠂ ᠳᠠᠢᠢᠨ ᠪᠣᠯᠵᠤ ᠪᠠᠢᠢᠭ᠎ᠠ ᠭᠠᠵᠠᠷ ᠲᠤ ᠣᠴᠢᠵᠤ ᠲᠤᠰᠠᠯᠠᠶ᠎ᠠ᠃ ᠶᠠᠭᠤ ᠬᠢ ᠭᠡᠰᠡᠨ ᠢ ᠬᠢᠨ᠎ᠡ》 ᠬᠡᠮᠡᠨ ᠪᠤᠰᠤᠳ ᠢ ᠪᠠᠨ ᠤᠷᠢᠶᠠᠯᠠᠨ ᠲᠡᠷᠢᠭᠦᠨ ᠹᠷᠣᠨ᠋ᠲ᠋ ᠲᠤ ᠣᠴᠢᠵᠤ ᠪᠠᠢᠢᠵᠠᠢ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠵᠠᠷᠯᠢᠭ ᠭᠠᠷᠭᠠᠨ ᠡᠷᠡᠭᠦᠯ ᠢ ᠬᠠᠮᠠᠭᠠᠯᠠᠬᠤ ᠢᠢᠨ ᠭᠠᠪᠢᠶᠠᠲᠤ ᠠᠵᠢᠯᠲᠠᠨ ᠴᠣᠯᠠ ᠪᠠᠷ ᠱᠠᠩᠨᠠᠭᠰᠠᠨ ᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠭᠣ᠊᠂ ᠽᠠᠨᠳᠠᠨᠰᠢᠲᠠᠷ ᠠ ᠭᠠᠷᠳᠠᠭᠤᠯᠵᠤ᠂ ᠡᠷᠡᠭᠦᠯ ᠡ᠊ᠩᠬᠡ᠂ ᠰᠠᠢᠢᠨ ᠰᠠᠢᠢᠬᠠᠨ ᠢ ᠬᠦᠰᠡᠨ ᠢᠷᠦᠭᠡᠯ ᠡ᠃
ᠲᠡᠷᠡ ᠪᠡᠷ ᠲᠡᠦᠬᠡᠲᠦ ᠢᠯᠠᠯᠲᠠ ᠢᠢᠨ ᠪᠠᠶᠠᠷ ᠤᠨ ᠬᠤᠷᠠᠯ ᠳᠤ ᠣᠷᠣᠯᠴᠠᠵᠤ᠂ ᠮᠣᠩ᠋ᠭᠣᠯ᠂ ᠣᠷᠣᠰ ᠤᠨ ᠠᠬᠠᠮᠠᠳ ᠳᠠᠢᠢᠴᠨᠨ᠂ ᠭᠧᠨᠧᠷᠠᠯ᠂ ᠣᠹᠢᠼᠧᠷ᠂ ᠠᠬᠠᠯᠠᠭᠴᠢ᠂ ᠵᠣᠴᠢᠳ᠂ ᠢᠷᠭᠡᠳ ᠦᠨ ᠲᠥᠯᠥᠭᠡᠯᠡᠯ ᠳᠥ ᠪᠠᠶᠠᠷ ᠬᠦᠷᠭᠡᠯ ᠡ᠃
ᠡᠨᠡ ᠢᠯᠠᠯᠲᠠ ᠮᠣᠩ᠋ᠭᠣᠯᠴᠤᠳ ᠨᠤᠲᠤᠭ ᠳᠡᠪᠢᠰᠬᠡᠷ ᠦᠨ ᠢᠶᠡᠨ ᠪᠦᠷᠢᠨ ᠪᠦᠲᠦᠨ ᠪᠠᠢᠢᠳᠠᠯ᠂ ᠬᠢᠯᠢ ᠬᠢᠵᠠᠭᠠᠷ ᠤᠨ ᠬᠠᠯᠳᠠᠰᠢ ᠦᠭᠡᠢ ᠳᠠᠷᠬᠠᠨ ᠪᠠᠢᠢᠳᠠᠯ ᠢ ᠬᠠᠮᠠᠭᠠᠯᠠᠬᠤ᠂ ᠲᠤᠰᠠᠭᠠᠷ ᠲᠣᠭᠲᠠᠨᠢᠯ᠂ ᠪᠦᠷᠢᠨ ᠡᠷᠬᠡᠲᠦ ᠪᠠᠢᠢᠳᠠᠯ ᠢᠶᠠᠨ ᠪᠠᠲᠤᠯᠠᠭᠠᠵᠢᠭᠤᠯᠬᠤ ᠦᠨᠳᠦᠰᠦᠨ ᠨᠥᠬᠥᠴᠡᠯ ᠢ ᠪᠦᠷᠢᠳᠦᠭᠦᠯᠦᠭᠰᠡᠨ ᠲᠡᠦᠬᠡᠨ ᠦᠢᠯᠡ ᠶᠠᠪᠤᠳᠠᠯ ᠭᠡᠳᠡᠭ ᠢ ᠣᠨᠴᠠᠯᠠᠯ᠎ᠠ᠃
ᠮᠥᠨ ᠡᠷᠬᠡ ᠴᠢᠯᠦᠭᠡ᠂ ᠲᠤᠰᠠᠭᠠᠷ ᠲᠣᠭᠲᠠᠨᠢᠯ ᠤᠨ ᠦᠨ᠎ᠡ ᠴᠡᠨ᠎ᠡ᠂ ᠲᠡᠦᠬᠡᠨ ᠰᠤᠷᠭᠠᠮᠵᠢ ᠢᠢ ᠢᠷᠡᠭᠡᠳᠦᠢ ᠬᠣᠢᠢᠴᠢ ᠦᠶ ᠡ ᠳᠡᠭᠡᠨ ᠥᠪᠯᠡᠭᠦᠯᠵᠦ᠂ ᠡᠬᠡ ᠣᠷᠣᠨᠴᠢ ᠦᠵᠡᠯ ᠢ ᠲᠦᠭᠡᠭᠡᠨ ᠳᠡᠯᠭᠡᠷᠡᠭᠦᠯᠬᠦ ᠶᠣᠰᠣᠲᠠᠢ ᠢᠢ ᠲᠡᠮᠳᠡᠭᠯᠡᠪᠡ᠃
ᠬᠠᠯᠬ᠎ᠠ ᠢᠢᠨ ᠭᠣᠣᠯ ᠤᠨ ᠪᠠᠢᠢᠯᠳᠤᠭᠠᠨ ᠤ ᠢᠯᠠᠯᠲᠠ ᠢᠢᠨ 85 ᠵᠢᠯ ᠦᠨ ᠣᠢ ᠢᠢ ᠲᠣᠬᠢᠶᠠᠯᠳᠤᠭᠤᠯᠤᠨ ᠳᠣᠷᠣᠨᠠᠲᠤ ᠠᠢᠢᠮᠠᠭ ᠤᠨ ᠴᠣᠢᠢᠪᠠᠯᠰᠠᠩ ᠬᠣᠲᠠ ᠳᠤ ᠵᠥᠪᠯᠡᠯᠲᠦ ᠬᠣᠯᠪᠣᠭᠠᠲᠤ ᠤᠯᠤᠰ᠂ ᠪᠦ᠊᠂ ᠨᠠᠶᠢ᠊᠂ ᠮᠣ᠊᠂ ᠠ᠊᠂ ᠤᠯᠤᠰ ᠍ ᠤᠨ ᠪᠠᠭᠠᠲᠤᠷ᠂ ᠮᠠᠷᠱᠠᠯ ᠭ᠂ ᠻ᠊᠂ ᠵᠦᠻᠣᠸ ᠤᠨ ᠬᠥᠰᠢᠶ᠎ᠡ ᠢᠢ ᠨᠡᠭᠡᠭᠡᠵᠦ᠂ ᠵᠥᠪᠯᠡᠯᠲᠦ᠂ ᠮᠣᠩ᠋ᠭᠣᠯ ᠤᠨ ᠳᠠᠢᠢᠴᠢᠳ ᠤᠨ ᠳᠤᠷᠠᠰᠬᠠᠯ ᠤᠨ ᠬᠥᠰᠢᠶᠡᠨ ᠳᠥ ᠴᠡᠴᠡᠭ ᠡᠷᠭᠦᠯ᠎ᠡ᠃
ᠮᠣᠩ᠋ᠭᠣᠯ᠂ ᠣᠷᠣᠰ ᠤᠨ ᠵᠡᠪᠰᠡᠭᠲᠦ ᠬᠦᠴᠦᠨ ᠦ ᠠᠩ᠋ᠭᠢ᠂ ᠰᠠᠯᠪᠠᠷ ᠤᠳ ᠤᠨ ᠴᠡᠷᠢᠭ ᠦᠨ ᠶᠣᠰᠣᠯᠠᠯ ᠤᠨ ᠵᠢᠭ᠌ᠰᠠᠭᠠᠯ ᠤᠨ ᠡᠮᠦᠨ᠎ᠡ ᠬᠠᠯᠬ᠎ᠠ ᠢᠢᠨ ᠭᠣᠣᠯ ᠤᠨ ᠪᠠᠢᠢᠯᠳᠤᠭᠠᠨ ᠳᠤ ᠣᠷᠣᠯᠴᠠᠭᠰᠠᠨ ᠮᠣᠩ᠋ᠭᠣᠯ ᠠᠷᠠᠳ ᠤᠨ ᠬᠤᠪᠢᠰᠬᠠᠯᠲᠤ ᠴᠡᠷᠢᠭ ᠦᠨ ᠨᠢᠭᠡᠳᠬᠡᠯ᠂ ᠠᠩ᠋ᠭᠢ ᠨᠤᠭᠤᠳ ᠤᠨ ᠪᠠᠢᠢᠯᠳᠤᠭᠠᠨ ᠤ ᠲᠤᠭ ᠢ ᠵᠠᠯᠠᠵᠤ᠂ ᠬᠦᠨᠳᠦᠳᠬᠡᠯ ᠦᠵᠡᠭᠦᠯᠦᠯ᠎ᠡ᠃
ᠮᠥᠨ ᠡᠨᠡ ᠡᠳᠦᠷ ᠦᠳ ᠲᠥ ᠮᠣᠩ᠋ᠭᠣᠯ-ᠣᠷᠣᠰ ᠤᠨ ᠬᠠᠮᠲᠤᠷᠠᠭᠰᠠᠨ ᠪᠠᠢᠢᠯᠳᠤᠭᠠᠨ ᠤ ᠪᠤᠤᠳᠠᠯᠭ᠎ᠠ ᠲᠠᠢ 《ᠰᠡᠯᠡᠩ᠋ᠭᠡ-2024》 ᠴᠡᠷᠢᠭ ᠦᠨ ᠰᠤᠷᠭᠠᠭᠤᠯᠢ ᠪᠣᠯᠤᠯ᠎ᠠ᠃ ᠰᠤᠷᠭᠠᠭᠤᠯᠢ ᠳᠤ ᠬᠣᠶᠠᠷ ᠤᠯᠤᠰ ᠤᠨ ᠬᠠᠭᠤᠷᠠᠢ ᠵᠠᠮ᠂ ᠠᠭᠠᠷ ᠤᠨ ᠴᠡᠷᠢᠭ᠂ ᠲᠤᠰᠬᠠᠢ ᠠᠵᠢᠯᠯᠠᠭᠠᠨ ᠤ 700 ᠭᠠᠷᠤᠢ ᠴᠡᠷᠢᠭ᠂ 200 ᠣᠷᠴᠢᠮ ᠲᠧᠭᠨᠢᠭ᠂ ᠬᠡᠷᠡᠭᠰᠡᠯ ᠣᠷᠣᠯᠴᠠᠯ᠎ᠠ᠃ ᠡᠨᠡ ᠰᠤᠷᠭᠠᠭᠤᠯᠢ ᠢᠢ 2008 ᠣᠨ ᠳᠤ 《ᠳᠠᠷᠬᠠᠨ》᠂ 2011 ᠣᠨ ᠠᠴᠠ 《ᠰᠡᠯᠡᠩ᠋ᠭᠡ》 ᠨᠡᠷ᠎ᠡ ᠲᠡᠢ ᠪᠡᠷ ᠬᠣᠶᠠᠷ ᠤᠯᠤᠰ ᠤᠨ ᠨᠤᠲᠤᠭ ᠲᠤ ᠵᠢᠯ ᠪᠦᠷᠢ ᠵᠣᠬᠢᠶᠠᠨ ᠪᠠᠢᠢᠭᠤᠯᠵᠤ ᠪᠠᠢᠢᠨ᠎ᠠ᠃
ᠡᠨᠡ ᠨᠢ ᠬᠣᠶᠠᠷ ᠤᠯᠤᠰ ᠤᠨ ᠨᠠᠢᠢᠷᠰᠠᠭ ᠬᠠᠷᠢᠯᠴᠠᠭ᠎ᠠ ᠢᠢ ᠪᠡᠬᠢᠵᠢᠭᠦᠯᠬᠦ᠂ ᠴᠡᠷᠢᠭ ᠦᠨ ᠬᠠᠮᠲᠤ ᠢᠢᠨ ᠠᠵᠢᠯᠯᠠᠭ᠎ᠠ ᠢᠢ ᠬᠥᠭ᠍ᠵᠢᠭᠦᠯᠬᠦ᠂ ᠠᠯᠪᠠ ᠬᠠᠭᠠᠭᠴᠢᠳ ᠤᠨ ᠮᠡᠳᠡᠯᠭᠡ᠂ ᠳᠠᠳᠤᠯᠭ᠎ᠠ᠂ ᠴᠢᠳᠠᠪᠤᠷᠢ ᠢᠢ ᠨᠡᠮᠡᠭᠳᠡᠭᠦᠯᠬᠦ᠂ ᠵᠡᠪᠰᠡᠭᠯᠡᠯ ᠲᠧᠭᠨᠢᠭ ᠦᠨ ᠪᠡᠯᠡᠨ ᠪᠠᠢᠢᠳᠠᠯ ᠢ ᠳᠡᠭᠡᠭ᠍ᠰᠢᠯᠡᠭᠦᠯᠬᠦ ᠵᠡᠷᠭᠡ ᠠᠴᠢ ᠬᠣᠯᠪᠣᠭᠳᠠᠯ ᠲᠠᠢ ᠶᠤᠮ᠃
ᠬᠠᠯᠬ᠎ᠠ ᠢᠢᠨ ᠭᠣᠣᠯ ᠤᠨ ᠲᠡᠦᠬᠡᠲᠦ ᠢᠯᠠᠯᠲᠠ ᠢᠢᠨ 85 ᠵᠢᠯ ᠦᠨ ᠣᠢ ᠢᠢᠨ ᠠᠷᠭ᠎ᠠ ᠬᠡᠮᠵᠢᠶ᠎ᠡ ᠬᠠᠯᠬ᠎ᠠ ᠭᠣᠣᠯ ᠰᠤᠮᠤᠨ ᠳᠤ ᠦᠷᠭᠦᠯᠵᠢᠨᠡ᠃