Та "Internet explorer"-ийн сүүлийн хувилбар болох "Microsoft edge"-г ашиглана уу

Хэрэв "Microsoft edge"-г татах бол энд дарж татаж авна уу

《ᠶᠡᠷᠦᠩᠬᠡᠢᠢᠯᠡᠭᠴᠢ ᠢᠢᠨ ᠢᠯᠡᠭᠡᠯᠲᠡ-2100》 ᠲᠡᠳᠬᠦᠯᠭᠡ ᠳᠥ ᠬᠥᠲᠥᠯᠪᠦᠷᠢ ᠢᠢᠨ ᠡᠵᠡᠳ ᠭᠠᠳᠠᠭᠠᠳᠤ ᠳᠤ ᠰᠤᠷᠤᠯᠴᠠᠬᠤ ᠪᠠᠷ ᠮᠣᠷᠳᠠᠯ᠎ᠠ

《ᠶᠡᠷᠦᠩᠬᠡᠢᠢᠯᠡᠭᠴᠢ ᠢᠢᠨ ᠢᠯᠡᠭᠡᠯᠲᠡ-2100》 ᠲᠡᠳᠬᠦᠯᠭᠡ ᠳᠥ ᠬᠥᠲᠥᠯᠪᠦᠷᠢ ᠢᠢᠨ ᠪᠣᠯᠵᠣᠯ ᠬᠠᠩ᠋ᠭᠠᠵᠤ᠂ ᠮᠣᠩ᠋ᠭᠣᠯ ᠤᠯᠤᠰ ᠤᠨ ᠶᠡᠬᠡ ᠰᠤᠷᠭᠠᠭᠤᠯᠢ ᠪᠣᠯᠤᠨ ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠶᠡᠬᠡ ᠰᠤᠷᠭᠠᠭᠤᠯᠢ ᠳᠥ ᠪᠡᠯᠡᠳᠬᠡᠯ ᠬᠥᠲᠥᠯᠪᠦᠷᠢ ᠳᠡᠭᠡᠨ ᠠᠮᠵᠢᠯᠲᠠᠲᠠᠢ ᠬᠠᠮᠤᠷᠤᠭᠳᠠᠭᠰᠠᠨ ᠣᠶᠤᠲᠠᠨ ᠨᠤᠭᠤᠳ ᠭᠠᠳᠠᠭᠠᠳᠤ ᠢᠢᠨ ᠶᠡᠬᠡ᠂ ᠳᠡᠭᠡᠳᠦ ᠰᠤᠷᠭᠠᠭᠤᠯᠢ ᠳᠤ ᠰᠤᠷᠤᠯᠴᠠᠬᠤ ᠪᠠᠷ ᠡᠬᠡ ᠣᠷᠣᠨ ᠠᠴᠠ ᠪᠠᠨ ᠮᠣᠷᠳᠠᠯ᠎ᠠ᠃

ᠡᠨᠡ ᠵᠢᠯ ᠠᠮᠧᠷᠢᠻᠠ ᠢᠢᠨ ᠨᠢᠭᠡᠳᠦᠭᠰᠡᠨ ᠤᠯᠤᠰ᠂ ᠠᠦᠢᠰᠲ᠋ᠷᠠᠯᠢᠶ᠎ᠠ᠂ ᠶᠡᠬᠡ ᠪᠷᠢᠲ᠋ᠠᠨᠢ᠂ ᠻᠠᠨᠠᠳᠠ᠂ ᠭᠧᠷᠮᠠᠨ᠂ ᠹᠷᠠᠨ᠋ᠼᠠ᠂ ᠾᠦᠩ᠋ᠭᠠᠷᠢ᠂ ᠴᠧᠬᠣ‍᠂ ᠫᠣᠯᠠᠨ᠋ᠳ᠋᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ᠂ ᠪᠦᠭᠦᠳᠡ ᠨᠠᠢᠢᠷᠠᠮᠳᠠᠬᠤ ᠰᠣᠯᠤᠩᠭ᠋ᠤᠰ ᠤᠯᠤᠰ᠂ ᠡᠨᠡᠳᠬᠡᠭ᠌᠂ ᠠᠦᠢᠰᠲ᠋ᠷᠢᠢ ᠠ᠂ ᠸᠢᠶᠧᠲ᠋ᠨᠠᠮ᠂ ᠬᠠᠰᠠᠭ᠂ ᠻᠦᠪᠠ ᠵᠡᠷᠭᠡ 17 ᠤᠯᠤᠰ ᠤᠨ ᠶᠡᠬᠡ᠂ ᠳᠡᠭᠡᠳᠦ ᠰᠤᠷᠭᠠᠭᠤᠯᠢ ᠳᠤ 245 ᠣᠶᠤᠲᠠᠨ ᠰᠤᠷᠤᠯᠴᠠᠬᠤ ᠪᠠᠷ ᠶᠠᠪᠤᠵᠤ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠣᠶᠤᠲᠠᠨ ᠵᠠᠯᠠᠭᠤᠰ ᠢ ᠦᠳᠡᠬᠦ ᠶᠣᠰᠣᠯᠠᠯ ᠳᠤ ᠣᠷᠣᠯᠴᠠᠵᠤ᠂ ᠰᠤᠷᠤᠯᠭ᠎ᠠ ᠢᠢᠨ ᠥᠨᠳᠥᠷ ᠠᠮᠵᠢᠯᠲᠠ ᠬᠦᠰᠦᠨ ᠲᠥᠷᠥ ᠢᠢᠨ ᠳᠠᠯᠪᠠᠭ᠎ᠠ ᠳᠤᠷᠠᠰᠬᠠᠪᠠ᠃

ᠲᠡᠷᠡ ᠪᠡᠷ ᠬᠡᠯᠡᠭᠰᠡᠨ ᠦᠭᠡᠨ ᠳᠡᠭᠡᠨ᠂ ᠡᠷᠳᠡᠮ ᠨᠣᠮ᠂ ᠬᠢᠴᠢᠶᠡᠯ ᠰᠤᠷᠭᠠᠭᠤᠯᠢ ᠳᠠᠭᠠᠨ ᠰᠢᠮᠳᠠᠨ ᠰᠤᠷᠤᠯᠴᠠᠵᠤ᠂ ᠡᠷᠳᠡᠮᠲᠡᠨ ᠪᠠᠭᠰᠢ᠂ ᠡᠴᠢᠭᠡ ᠡᠬᠡ᠂ ᠭᠡᠷ ᠪᠦᠯᠢ᠂ ᠠᠨᠳᠠ ᠨᠥᠬᠥᠳ ᠦᠨ ᠢᠶᠡᠨ ᠢᠲᠡᠭᠡᠯ᠂ ᠰᠡᠳᠬᠢᠯ ᠢ ᠳᠠᠭᠠᠭᠠᠵᠤ᠂ ᠪᠡᠯᠡᠳᠬᠡᠯ ᠬᠥᠲᠥᠯᠪᠦᠷᠢ ᠪᠡᠨ ᠠᠮᠵᠢᠯᠲᠠᠲᠠᠢ ᠳᠦᠭᠦᠷᠭᠡᠨ᠂ ᠰᠤᠷᠴᠤ ᠪᠣᠯᠪᠠᠰᠤᠷᠠᠬᠤ ᠢᠢᠨ ᠶᠡᠬᠡ ᠬᠦᠰᠡᠯ ᠲᠡᠮᠡᠦᠯᠦᠯ ᠢᠶᠡᠷ ᠵᠢᠭᠦᠷᠯᠡᠨ ᠡᠷᠳᠡᠮ ᠦᠨ ᠶᠡᠬᠡ ᠠᠶᠠᠨ ᠳᠠᠭᠠᠨ ᠮᠣᠷᠳᠠᠵᠤ ᠪᠤᠢ ᠵᠠᠯᠠᠭᠤᠰ ᠲᠤ ᠴᠢᠨ ᠰᠡᠳᠬᠢᠯ ᠦᠨ ᠬᠠᠯᠠᠭᠤᠨ ᠪᠠᠶᠠᠷ ᠬᠦᠷᠭᠡᠯ ᠡ᠃

ᠳᠡᠯᠡᠬᠡᠢ ᠢᠢᠨ ᠲᠦᠪᠰᠢᠨ ᠦ ᠪᠣᠯᠪᠠᠰᠤᠷᠠᠯ ᠡᠵᠡᠮᠰᠢᠵᠦ᠂ ᠣᠯᠠᠨ ᠣᠷᠣᠨ ᠤ ᠵᠠᠯᠠᠭᠤᠰ ᠲᠠᠢ ᠮᠥᠷᠥ ᠵᠡᠷᠭᠡᠴᠡᠨ ᠰᠤᠷᠤᠯᠴᠠᠵᠤ᠂ ᠬᠦᠰᠡᠯ ᠲᠡᠮᠡᠦᠯᠦᠯ ᠶᠢᠡᠨ ᠪᠡᠶᠡᠯᠡᠭᠦᠯᠦᠨ᠂ ᠠᠮᠵᠢᠯᠲᠠ ᠢᠢᠨ ᠪᠤᠤᠬᠢᠶ᠎ᠠ ᠪᠠᠨ ᠠᠬᠢᠭᠤᠯᠬᠤ ᠨᠢ ᠭᠠᠭᠴᠠᠬᠦ ᠥᠪᠡᠷ ᠦᠨ ᠵᠢᠷᠦᠬᠡ ᠰᠡᠳᠬᠢᠯ᠂ ᠬᠢᠴᠢᠶᠡᠯ ᠵᠢᠳᠬᠦᠯ᠂ ᠰᠤᠷᠤᠯᠭ᠎ᠠ ᠬᠥᠳᠡᠯᠮᠦᠷᠢ ᠡᠴᠡ ᠬᠠᠮᠢᠶᠠᠷᠬᠤ ᠪᠣᠯᠤᠨ᠎ᠠ ᠭᠡᠳᠡᠭ ᠢ ᠲᠡᠮᠳᠡᠭᠯᠡᠪᠡ᠃

ᠡᠷᠳᠡᠮ ᠪᠣᠯᠪᠠᠰᠤᠷᠠᠯ ᠲᠠᠢ᠂ ᠥᠪ ᠲᠡᠭᠰᠢ ᠬᠦᠮᠦᠵᠢᠯᠲᠡᠢ᠂ ᠡᠬᠡ ᠣᠷᠣᠨ ᠢᠶᠠᠨ ᠭᠡᠰᠡᠨ ᠰᠡᠳᠬᠢᠯ ᠲᠡᠢ᠂ ᠠᠵᠢᠯ ᠮᠡᠷᠭᠡᠵᠢᠯ ᠳᠡᠭᠡᠨ ᠡᠵᠡᠨ ᠪᠣᠯᠤᠭᠰᠠᠨ ᠢᠷᠡᠭᠡᠳᠦᠢ ᠬᠣᠢᠢᠴᠢ ᠦᠶ ᠡ ᠳᠡᠭᠡᠨ ᠡᠬᠡ ᠣᠷᠣᠨ᠂ ᠠᠷᠠᠳ ᠲᠦᠮᠡᠨ᠂ ᠲᠥᠷᠥ ᠵᠠᠰᠠᠭ ᠨᠢ ᠭᠦᠨ ᠶᠢᠡᠨ ᠢᠲᠡᠭᠡᠵᠦ ᠪᠠᠢᠢᠭ᠎ᠠ ᠢᠢ ᠬᠡᠯᠡᠯ᠎ᠡ᠃

《ᠶᠡᠷᠦᠩᠬᠡᠢᠢᠯᠡᠭᠴᠢ ᠢᠢᠨ ᠢᠯᠡᠭᠡᠯᠲᠡ- 2100》 ᠲᠡᠳᠬᠦᠯᠭᠡ ᠳᠥ ᠬᠥᠲᠥᠯᠪᠦᠷᠢ ᠢᠢᠨ ᠬᠦᠷᠢᠶᠡᠨ ᠳᠥ 516 ᠣᠶᠤᠲᠠᠨ ᠵᠠᠯᠠᠭᠤᠰ 16 ᠤᠯᠤᠰ ᠤᠨ ᠶᠡᠬᠡ ᠰᠤᠷᠭᠠᠭᠤᠯᠢ ᠳᠤ ᠰᠤᠷᠤᠯᠴᠠᠵᠤ ᠪᠠᠢᠢᠭ᠎ᠠ ᠶᠤᠮ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠮᠣᠩ᠋ᠭᠣᠯ ᠬᠦᠮᠦᠨ ᠦ ᠳᠡᠯᠡᠬᠡᠢ ᠳᠥ ᠥᠷᠢᠰᠦᠯᠳᠡᠬᠦ ᠴᠢᠳᠠᠪᠤᠷᠢ ᠢᠢ ᠨᠡᠮᠡᠭᠳᠡᠭᠦᠯᠬᠦ᠂ ᠬᠡᠦᠬᠡᠳ᠂ ᠵᠠᠯᠠᠭᠤᠴᠤᠳ ᠤᠨ ᠰᠤᠷᠤᠯᠴᠠᠬᠤ ᠲᠡᠭᠰᠢ ᠪᠣᠯᠤᠮᠵᠢ ᠢᠢ ᠬᠠᠩ᠋ᠭᠠᠬᠤ᠂ ᠳᠡᠯᠡᠬᠡᠢ ᠢᠢᠨ ᠰᠢᠯᠢᠳᠡᠭ ᠶᠡᠬᠡ᠂ ᠳᠡᠭᠡᠳᠦ ᠰᠤᠷᠭᠠᠭᠤᠯᠢ ᠳᠤ ᠰᠤᠷᠤᠯᠴᠠᠬᠤ ᠳᠤ ᠳᠡᠮᠵᠢᠯᠭᠡ ᠦᠵᠡᠭᠦᠯᠬᠦ ᠵᠣᠷᠢᠯᠭ᠎ᠠ ᠪᠠᠷ ᠵᠠᠷᠯᠢᠭ ᠭᠠᠷᠭᠠᠭᠰᠠᠨ᠃

ᠡᠨᠡ ᠳᠠᠭᠠᠭᠤ ᠵᠢᠯ ᠪᠦᠷᠢ 330 ᠰᠤᠮᠤ᠂ ᠨᠡᠢᠢᠰᠯᠡᠯ ᠦᠨ ᠬᠣᠷᠢᠶ᠎ᠠ ᠲᠤᠰ ᠪᠦᠷᠢ ᠡᠴᠡ ᠨᠢᠭᠡ ᠰᠢᠯᠢᠳᠡᠭ ᠰᠤᠷᠤᠭᠴᠢ ᠢᠢ ᠰᠢᠯᠭᠠᠷᠠᠭᠤᠯᠵᠤ᠂ ᠳᠡᠯᠡᠬᠡᠢ ᠢᠢᠨ ᠰᠢᠯᠢᠳᠡᠭ ᠶᠡᠬᠡ᠂ ᠳᠡᠭᠡᠳᠦ ᠰᠤᠷᠭᠠᠭᠤᠯᠢ ᠳᠤ ᠰᠤᠷᠤᠯᠴᠠᠭᠤᠯᠬᠤ 《ᠶᠡᠷᠦᠩᠬᠡᠢᠢᠯᠡᠭᠴᠢ ᠢᠢᠨ ᠢᠯᠡᠭᠡᠯᠲᠡ-2100》 ᠲᠡᠳᠬᠦᠯᠭᠡ ᠳᠥ ᠬᠥᠲᠥᠯᠪᠦᠷᠢ ᠢᠢ 2021 ᠣᠨ ᠠᠴᠠ ᠬᠡᠷᠡᠭᠵᠢᠭᠦᠯᠵᠦ ᠪᠠᠢᠢᠨ᠎ᠠ᠃