Та "Internet explorer"-ийн сүүлийн хувилбар болох "Microsoft edge"-г ашиглана уу

Хэрэв "Microsoft edge"-г татах бол энд дарж татаж авна уу

ᠬᠥᠪᠰᠦᠭᠡᠯ ᠨᠠᠭᠤᠷ ᠲᠤ ᠵᠢᠪᠦᠭ᠍ᠰᠡᠨ ᠲᠧᠭᠨᠢᠭ᠂ ᠬᠡᠷᠡᠭᠰᠡᠯ ᠢ ᠲᠠᠲᠠᠨ ᠭᠠᠷᠭᠠᠵᠤ ᠳᠠᠭᠤᠰᠬᠠᠯ᠎ᠠ

ᠬᠥᠪᠰᠦᠭᠡᠯ ᠨᠠᠭᠤᠷ ᠢ ᠴᠡᠪᠡᠷᠯᠡᠬᠦ᠂ ᠵᠢᠪᠦᠭ᠍ᠰᠡᠨ ᠲᠡᠭᠡᠭᠡᠪᠦᠷᠢ ᠢᠢᠨ ᠬᠡᠷᠡᠭᠰᠡᠯ᠂ ᠲᠧᠭᠨᠢᠭ ᠢ ᠲᠠᠲᠠᠨ ᠭᠠᠷᠭᠠᠬᠤ ᠠᠵᠢᠯᠯᠠᠭ᠎ᠠ ᠳᠥᠷᠪᠠᠨ ᠵᠢᠯ ᠦᠷᠭᠦᠯᠵᠢᠯᠡᠵᠤ ᠳᠠᠭᠤᠰᠤᠯ ᠠ᠃

ᠮᠣᠩᠭ᠋ᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠶᠡᠷᠦᠩᠬᠡᠢ ᠰᠠᠢᠢᠳ ᠢᠢᠠᠷ ᠠᠵᠢᠯᠯᠠᠵᠤ ᠪᠠᠢᠢᠬᠤ ᠳᠠᠭᠠᠨ ᠮᠣᠩᠭ᠋ᠤᠯ ᠣᠷᠤᠨ ᠤ ᠴᠡᠩᠭᠡᠭ᠌ ᠤᠰᠤᠨ ᠤ ᠨᠦᠭᠡᠴᠡ ᠭᠣᠣᠯ ᠮᠦᠷᠡᠨ ᠦ ᠤᠷᠤᠰᠠᠴᠠ ᠪᠦᠷᠢᠯᠳᠡᠬᠦ ᠡᠬᠢ ᠪᠣᠯᠤᠭᠰᠠᠨ ᠡᠻᠣᠰᠢᠰᠲ᠋ᠧᠮ ᠢ ᠲᠤᠰᠬᠠᠶ ᠬᠠᠮᠠᠭᠠᠯᠠᠯᠲᠠ ᠳᠤ ᠠᠪᠬᠤ᠂ ᠪᠠᠢᠢᠭᠠᠯᠢ ᠢᠢᠨ ᠤᠨᠠᠭᠠᠨ ᠲᠥᠷᠬᠦ ᠢᠢ ᠬᠠᠮᠠᠭᠠᠯᠠᠬᠤ ᠵᠣᠷᠢᠯᠲᠠ ᠢᠢ 《ᠠᠯᠤᠰ ᠤᠨ ᠬᠠᠷᠠᠭ᠎ᠠ – 2050》ᠮᠣᠩᠭ᠋ᠤᠯ ᠤᠯᠤᠰ ᠤᠨ ᠤᠷᠲᠤ ᠬᠤᠭᠤᠴᠠᠭᠠᠨ ᠤ ᠬᠥᠭ᠍ᠵᠢᠯ ‍ᠦᠨ ᠪᠣᠳᠤᠯᠭ᠎ᠠ᠂ ᠵᠠᠰᠠᠭ ᠤᠨ ᠭᠠᠵᠠᠷ ᠤᠨ 2020-2024 ᠣᠨ ᠤ ᠦᠢᠯᠡ ᠠᠵᠢᠯᠯᠠᠭᠠᠨ ᠤ ᠮᠦᠷ ‍ᠦᠨ ᠬᠦᠲᠦᠯᠪᠦᠷᠢ ᠳᠥ ᠲᠤᠰᠬᠠᠭᠤᠯᠵᠤ ᠪᠠᠢᠢᠯ ᠠ᠃

ᠮᠥᠨ ᠲᠦᠷᠦ ᠶᠢᠨ ᠲᠡᠷᠢᠭᠦᠨ ᠶᠢᠡᠷ ᠰᠣᠩᠭ᠋ᠤᠭᠳᠠᠭᠰᠠᠨ ᠤ ᠳᠠᠷᠠᠭ᠎ᠠ ᠬᠥᠪᠰᠦᠭᠡᠯ ᠨᠠᠭᠤᠷ ᠤᠨ ᠡᠻᠣᠰᠢᠰᠲ᠋ᠧᠮ ᠢ ᠬᠠᠮᠠᠭᠠᠯᠠᠬᠤ᠂ ᠳᠡᠳ᠋ ᠪᠦᠲᠦᠴᠡ ᠵᠢ ᠰᠠᠢᠢᠵᠢᠷᠠᠭᠤᠯᠬᠤ᠂ ᠨᠠᠭᠤᠷ ᠤᠨ ᠢᠷᠤᠭᠠᠯ ᠤᠨ ᠠᠶᠤᠯᠲᠠᠶ ᠬᠣᠭ ᠬᠠᠶᠠᠭᠳᠠᠯ ᠢ ᠴᠡᠪᠡᠷᠯᠡᠬᠦ᠂ ᠪᠣᠬᠢᠷᠳᠠᠯ ᠢ ᠪᠠᠭᠤᠷᠠᠭᠤᠯᠬᠤ ᠵᠣᠷᠢᠯᠭ᠎ᠠ ᠪᠠᠷ ᠵᠢᠪᠦᠭ᠍ᠰᠡᠨ ᠲᠡᠭᠡᠭᠡᠪᠦᠷᠢ ᠢᠢᠨ ᠬᠡᠷᠡᠭᠰᠡᠯ ᠢ ᠢᠯᠡᠷᠡᠭᠦᠯᠬᠦ᠂ ᠪᠠᠶᠢᠷᠢᠰᠢᠯ ᠢ ᠲᠣᠭᠲᠠᠭᠠᠬᠤ᠂ ᠲᠠᠲᠠᠨ ᠭᠠᠷᠭᠠᠬᠤ ᠰᠠᠨᠠᠭᠠᠴᠢᠯᠠᠭ᠎ᠠ ᠭᠠᠷᠭᠠᠨ᠂ ᠠᠵᠢᠯ ᠢ ᠡᠬᠢᠯᠡᠭᠦᠯᠵᠦ ᠪᠠᠢᠢᠭᠰᠠᠨ ᠶᠤᠮ᠃

1985 ᠣᠨ ᠳᠤ ᠬᠥᠪᠰᠦᠭᠡᠯ ᠨᠠᠭᠤᠷ ᠲᠤ ᠵᠢᠪᠦᠭ᠍ᠰᠡᠨ 《ᠰᠦᠬᠡᠪᠠᠭᠠᠲᠤᠷ ᠬᠦᠯᠭᠡ ᠣᠩᠭ᠋ᠤᠴᠠ》‍ᠢ 2001 ᠣᠨ ᠳᠤ ᠲᠠᠲᠠᠨ ᠭᠠᠷᠭᠠᠭᠰᠠᠨ ᠨᠢ ᠡᠨᠡ ᠠᠵᠢᠯᠯᠠᠭᠠᠨ ᠤ ᠡᠬᠢᠯᠡᠯ ᠪᠠᠢᠢᠯ ᠠ᠃ ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠶᠡᠬᠡ ᠰᠤᠷᠭᠠᠭᠤᠯᠢ᠂ ᠦᠨᠳᠦᠰᠦᠨ ᠦ ᠪᠠᠲᠤᠯᠠᠨ ᠬᠠᠮᠠᠭᠠᠯᠠᠬᠤ ᠢᠢᠨ ᠶᠡᠬᠡ ᠰᠤᠷᠭᠠᠭᠤᠯᠢ ᠢᠢᠨ ᠡᠷᠳᠡᠮᠲᠡᠳ ᠭᠦᠢᠴᠡᠳᠬᠡᠬᠦ ᠲᠧᠭᠨᠣᠯᠣᠭᠢ ᠢᠢᠨ ᠻᠠᠷᠲ᠋ ᠪᠣᠯᠪᠠᠰᠤᠷᠠᠭᠤᠯᠵᠤ᠂ ᠲᠠᠲᠠᠨ ᠭᠠᠷᠭᠠᠬᠤ ᠪᠠᠶᠢᠭᠤᠯᠠᠮᠵᠢ ᠢᠢ ᠤᠭᠰᠠᠷᠠᠭᠰᠠᠨ ᠨᠢ ᠮᠣᠩᠭ᠋ᠤᠯ ᠤᠯᠤᠰ ᠤᠨ ᠬᠡᠮᠵᠢᠶᠡᠨ ᠳᠥ ᠠᠩᠬᠠᠨ ᠤ ᠪᠥᠭᠡᠳ ᠲᠡᠦᠬᠡᠨ ᠦᠢᠯᠡ ᠶᠠᠪᠤᠳᠠᠯ ᠪᠣᠯᠤᠭᠰᠠᠨ ᠶᠤᠮ᠃

ᠡᠭᠦᠨ ᠡᠴᠡ ᠬᠣᠶᠢᠰᠢ ᠥᠨᠦᠳᠦᠷ ᠢ ᠬᠦᠷᠳᠡᠯ ᠡ ᠦᠷᠭᠦᠯᠵᠢᠯᠡᠭ᠍ᠰᠡᠨ ᠠᠵᠢᠯᠯᠠᠭ᠎ᠠ ᠥᠨᠳᠦᠷᠯᠡᠵᠦ᠂ ᠲᠠᠲᠠᠨ ᠭᠠᠷᠭᠠᠭᠰᠠᠨ ᠮᠠᠱᠢᠨ᠂ ᠲᠧᠭᠨᠢᠭ ᠢ ᠣᠷᠤᠨ ᠨᠤᠲᠤᠭ ᠲᠤ ᠬᠦᠯᠢᠶᠡᠯᠭᠡᠨ ᠥᠭ᠍ᠬᠦ ᠶᠣᠰᠤᠯᠠᠯ ᠬᠥᠪᠰᠦᠭᠡᠯ ᠠᠢᠢᠮᠠᠭ ᠤᠨ ᠠᠯᠠᠭ – ᠡᠷᠳᠡᠨᠢ ᠰᠤᠮᠤ ᠢᠢᠨ ᠬᠠᠳᠬᠠᠯ ᠲᠣᠰᠬᠤᠨ ᠳᠤ ᠪᠣᠯᠤᠯ ᠠ᠃

ᠶᠣᠰᠤᠯᠠᠯ ᠳᠤ ᠮᠣᠩᠭ᠋ᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠥ ᠬᠦᠴᠦᠨ ‍ᠦ ᠶᠡᠷᠦᠩᠬᠡᠢ ᠻᠣᠮᠠᠨ᠋ᠳ᠋ᠯᠠᠭᠴᠢ ᠤᠬᠤᠨ᠎ᠠ ᠢᠢᠨ ᠬᠦᠷᠡᠯᠰᠦ᠋ᠬᠡ ᠣᠷᠤᠯᠴᠠᠵᠤ᠂ ᠭᠧᠨᠧᠷᠠᠯ᠂ ᠣᠹᠢᠼᠧᠷ᠂ ᠠᠬᠠᠯᠠᠭᠴᠢ᠂ ᠠᠯᠪᠠ ᠬᠠᠭᠠᠭᠴᠢ᠂ ᠡᠷᠳᠡᠮᠲᠡᠨ᠂ ᠰᠤᠳᠤᠯᠠᠭᠠᠴᠢ᠂ ᠢᠨ᠋ᠵᠧᠨᠧᠷ ‍ᠦᠳ ᠪᠣᠯᠤᠨ ᠬᠠᠮᠲᠤᠷᠠᠨ ᠠᠵᠢᠯᠯᠠᠭᠰᠠᠨ ᠣᠷᠤᠨ ᠨᠤᠲᠤᠭ ᠤᠨ ᠤᠳᠤᠷᠢᠳᠤᠯᠭ᠎ᠠ᠂ ᠢᠷᠭᠡᠳ ᠲᠥ ᠲᠠᠯᠠᠷᠬᠠᠯ ᠢᠯᠡᠷᠭᠡᠢᠢᠯᠡᠯ ᠡ᠃

ᠥᠩᠭᠡᠷᠡᠭ᠍ᠰᠡᠨ ᠬᠤᠭᠤᠴᠠᠭᠠᠨ ᠳᠤ ᠣᠨᠴᠤᠭᠠᠶ ᠪᠠᠢᠢᠳᠠᠯ ᠤᠨ ᠶᠡᠷᠦᠩᠬᠡᠶ ᠭᠠᠵᠠᠷ᠂ ᠵᠡᠪᠰᠡᠭᠲᠦ ᠬᠦᠴᠦᠨ ‍ᠦ ᠵᠠᠩᠵᠤᠨ ᠱᠲ᠋ᠠᠪ ᠤᠨ ᠲᠣᠮᠢᠯᠭᠠᠲᠤ ᠪᠦᠷᠢᠯᠳᠦᠬᠦᠨ᠂ ᠪᠠᠢᠢᠭᠠᠯᠢ ᠤᠷᠴᠢᠨ᠂ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠶᠡᠮᠤ᠂ ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠶᠡᠬᠡ ᠰᠤᠷᠭᠠᠭᠤᠯᠢ᠂ ᠦᠨᠳᠦᠰᠦᠨ ᠦ ᠪᠠᠲᠤᠯᠠᠨ ᠬᠠᠮᠠᠭᠠᠯᠠᠬᠤ ᠢᠢᠨ ᠶᠡᠬᠡ ᠰᠤᠷᠭᠠᠭᠤᠯᠢ᠂ 《ᠭᠧᠣᠮᠠᠰᠲ᠋ᠧᠷ》ᠻᠣᠮᠫᠠᠨᠢ ᠢᠢᠨ ᠭᠠᠷᠤᠶ 120 ᠬᠦᠮᠦᠨ ᠡᠴᠡ ᠪᠦᠷᠢᠳᠦᠭᠰᠡᠨ ᠠᠵᠢᠯ ᠤᠨ ᠬᠡᠰᠡᠭ ᠬᠥᠪᠰᠦᠭᠡᠯ ᠨᠠᠭᠤᠷ ᠤᠨ 33-171 ᠮᠧᠲ᠋ᠷ ‍ᠦᠨ ᠭᠦᠨ ᠡᠴᠡ ᠠᠦ᠋ᠲ᠋ᠣ‍ ᠮᠠᠱᠢᠨ᠂ ᠲᠧᠭᠨᠢᠭ ᠢ ᠲᠠᠲᠠᠨ ᠭᠠᠷᠭᠠᠯ ᠠ᠃

ᠢᠩᠭᠡᠭ᠍ᠰᠡᠨ ᠢᠢᠡᠷ ᠨᠡᠢᠢᠲᠡ 50 ᠣᠷᠴᠢᠮ ᠲᠣᠨᠠ ᠰᠢᠲᠠᠬᠤᠨ᠂ ᠲᠣᠰᠤ ᠲᠣᠰᠤᠯᠠᠭᠠᠨ ᠤ ᠮᠠᠲ᠋ᠧᠷᠢᠶᠠᠯ᠂ ᠠᠶᠤᠯᠲᠠᠶ ᠬᠣᠭ ᠬᠠᠶᠠᠭᠳᠠᠯ ᠨᠠᠭᠤᠷ ᠲᠤ ᠲᠠᠷᠬᠠᠵᠤ ᠪᠣᠬᠢᠷᠳᠠᠬᠤ ᠠᠴᠠ ᠰᠡᠷᠭᠡᠢᠢᠯᠡᠵᠤ ᠴᠢᠳᠠᠵᠡᠶ᠃

ᠬᠡᠷᠪᠡ ᠠᠶᠤᠯᠲᠠᠶ ᠬᠣᠭ ᠬᠠᠶᠠᠭᠳᠠᠯ ᠠᠰᠬᠠᠷᠠᠭᠰᠠᠨ ᠪᠣᠯ ᠨᠠᠭᠤᠷ ᠤᠨ ᠮᠠᠨᠳᠤᠯ ᠤᠨ 2.53 ᠬᠤᠪᠢ ᠪᠤᠶᠤ 70 ᠭᠠᠷᠤᠶ ᠬᠠᠪᠲᠠᠭᠠᠶ ᠳᠥᠷᠪᠡᠯᠵᠢᠨ ᠻᠢᠯᠣᠮᠧᠲ᠋ᠷ ᠲᠠᠯᠠᠪᠠᠶ ᠪᠣᠬᠢᠷᠳᠠᠵᠤ᠂ ᠡᠭ ‍ᠦᠨ ᠭᠣᠣᠯ᠂ ᠰᠡᠯᠡᠩᠭᠡ ᠮᠥᠷᠡᠨ ᠢ ᠪᠣᠬᠢᠷᠳᠠᠭᠤᠯᠤᠨ᠂ ᠤᠯᠠᠮ ᠢᠢᠠᠷ ᠳᠡᠯᠡᠬᠡᠢ ᠢᠢᠨ ᠴᠡᠩᠭᠡᠭ ᠤᠰᠤᠨ ᠤ 20 ᠬᠤᠪᠢ ᠶᠢ ᠡᠵᠡᠯᠡᠬᠦ ᠪᠠᠶᠢᠭᠠᠯ ᠳᠠᠯᠠᠶ ᠢᠢ ᠴᠤ ᠪᠣᠬᠢᠷᠳᠠᠭᠤᠯᠬᠤ ᠪᠠᠶᠢᠵᠡᠢ᠃

ᠮᠥᠨ ᠵᠢᠭᠠᠰᠤ᠂ ᠵᠢᠷᠠᠭᠠᠬᠠᠶ ᠪᠣᠯᠤᠨ ᠤᠰᠤᠨ ᠤ ᠪᠢᠴᠢᠯ ᠣᠷᠭᠠᠨᠢᠰᠮ ᠤᠨ 50 ᠬᠤᠪᠢ ᠦᠬᠦᠵᠦ᠂ ᠬᠥᠪᠰᠦᠭᠡᠯ ᠨᠠᠭᠤᠷ ᠤᠨ ᠡᠻᠣᠰᠢᠰᠲ᠋ᠧᠮ ᠳᠥ ᠦᠯᠡᠮᠵᠢ ᠬᠣᠬᠢᠷᠠᠯ ᠤᠴᠠᠷᠠᠭᠤᠯᠬᠤ ᠡᠷᠦᠰᠳᠡᠯᠲᠡᠶ ᠭᠡᠳᠡᠭ ᠢ ᠡᠷᠳᠡᠮᠲᠡᠳ ᠲᠣᠭᠲᠠᠭᠠᠭᠰᠠᠨ ᠪᠠᠢᠢᠨ᠎ᠠ᠃

ᠡᠨᠡ ᠶᠡᠬᠡ ᠡᠷᠦᠰᠳᠡᠯ᠂ ᠠᠶᠤᠯ ᠢ ᠬᠠᠮᠲᠤ ᠢᠢᠨ ᠬᠦᠴᠦ ᠪᠡᠷ ᠵᠣᠭᠰᠠᠭᠠᠵᠤ ᠴᠢᠳᠠᠭᠰᠠᠨ ᠢ ᠳᠤ ᠮᠣᠩᠭ᠋ᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠥ ᠬᠦᠴᠦᠨ ‍ᠦ ᠶᠡᠷᠦᠩᠬᠡᠢ ᠻᠣᠮᠠᠨ᠋ᠳ᠋ᠯᠠᠭᠴᠢ ᠤᠬᠤᠨ᠎ᠠ ᠢᠢᠨ ᠬᠦᠷᠡᠯᠰᠦ᠋ᠬᠡ ᠬᠡᠯᠡᠭᠰᠡᠨ ᠦᠭᠡᠨ ᠳᠡᠭᠡᠨ ᠣᠨᠴᠠᠯᠠᠯ ᠠ᠃

ᠣᠷᠤᠨ ᠨᠤᠳᠠᠭ ᠲᠤ ᠬᠦᠯᠢᠶᠡᠯᠭᠡᠨ ᠦᠭᠴᠦ ᠲᠡᠭᠡᠭᠡᠪᠦᠷᠢ ᠢᠢᠨ ᠬᠡᠷᠡᠭᠰᠡᠯ᠂ ᠲᠧᠭᠨᠢᠭ ‍ᠦᠳ ᠡᠨᠡ ᠠᠵᠢᠯᠯᠠᠭᠠᠨ ᠳᠤ ᠣᠷᠤᠯᠴᠠᠭᠰᠠᠨ ᠬᠦᠮᠦᠰ ‍ᠦᠨ ᠬᠥᠳᠡᠯᠮᠦᠷᠢ᠂ ᠭᠠᠪᠢᠶ ᠠ ᠵᠢᠳᠬᠦᠯ ᠢ ᠢᠯᠡᠷᠬᠡᠢᠢᠯᠡᠬᠦ ᠢᠢᠨ ᠵᠡᠷᠭᠡᠴᠡᠭᠡ ᠬᠥᠪᠰᠦᠭᠡᠯ ᠨᠠᠭᠤᠷ ᠢᠢᠠᠨ ᠬᠠᠶᠢᠷᠠᠯᠠᠵᠤ᠂ ᠬᠠᠮᠠᠭᠠᠯᠠᠬᠤ ᠢᠢᠨ ᠤᠳᠬ ᠠ ᠤᠴᠢᠷ ᠢ ᠢᠷᠭᠡᠳ ᠲᠥ ᠰᠠᠨᠠᠭᠤᠯᠵᠤ ᠪᠠᠢᠢᠬᠤ ᠶᠣᠰᠤᠲᠠᠶ ᠢᠢ ᠲᠡᠮᠳᠡᠭᠯᠡᠯ ᠡ᠃

ᠴᠢᠨᠠᠭᠰᠢᠳᠠ ᠪᠠᠢᠢᠭᠠᠯᠢ ᠡᠭᠡ᠂ ᠬᠥᠪᠰᠦᠭᠡᠯ ᠨᠠᠭᠤᠷ ᠤᠨ ᠡᠻᠣᠰᠢᠰᠲ᠋ᠧᠮ ᠢ ᠬᠠᠮᠠᠭᠠᠯᠠᠬᠤ᠂ ᠪᠠᠢᠢᠭᠠᠯᠢ ᠳᠤ ᠡᠭᠡᠯᠢᠲᠡᠶ ᠠᠶᠠᠯᠠᠯ ᠵᠢᠭᠤᠯᠴᠢᠯᠠᠯ ᠢ ᠬᠦᠭ᠍ᠵᠢᠭᠦᠯᠬᠦ ᠳᠥ ᠠᠩᠬᠠᠷᠴᠤ ᠠᠵᠢᠯᠯᠠᠬᠤ ᠢᠢ ᠣᠷᠤᠨ ᠨᠤᠲᠤᠭ ᠤᠨ ᠤᠳᠤᠷᠢᠳᠤᠯᠭ᠎ᠠ ᠳᠤ ᠳᠠᠭᠠᠭᠠᠯᠭᠠᠯ ᠠ᠃

ᠲᠠᠲᠠᠨ ᠭᠠᠷᠭᠠᠬᠤ ᠠᠵᠢᠯᠯᠠᠭ᠎ᠠ ᠨᠢ᠄

  • ᠮᠣᠩᠭ᠋ᠤᠯ ᠡᠷᠳᠡᠮᠲᠡᠳ ‍ᠦᠨ ᠲᠣᠭᠠᠴᠠᠭᠠᠯᠠᠯ᠂ ᠮᠣᠩᠭ᠋ᠤᠯ ᠢᠨ᠋ᠵᠧᠨᠧᠷ ‍ᠦᠳ ‍ᠦᠨ ᠠᠷᠭᠠᠴᠢᠯᠠᠯ᠂ ᠠᠯᠪᠠ ᠬᠠᠭᠠᠭᠴᠢᠳ ᠤᠨ ᠤᠷ ᠠ ᠴᠢᠳᠠᠪᠤᠷᠢ ᠪᠠᠷ ᠪᠠᠶᠢᠭᠠᠯᠢ ᠴᠠᠭ ᠠᠭᠠᠷ ᠤᠨ ᠬᠦᠨᠳᠦᠷᠡᠯ ᠲᠡᠶ ᠨᠥᠬᠦᠴᠡᠯ ᠳᠥ ᠠᠩᠬ ᠠ ᠤᠳᠠᠭ᠎ᠠ ᠤᠰᠤᠨ ᠤ ᠭᠦᠨ ᠡᠴᠡ ᠬᠥᠨᠳᠦᠯᠡᠨ ᠲᠠᠲᠠᠯᠲᠠ ᠵᠣᠬᠢᠶᠠᠨ ᠪᠠᠢᠢᠭᠤᠯᠤᠭᠰᠠᠨ᠂
  • ᠣᠨᠴᠠᠭᠠᠶ ᠪᠠᠢᠢᠳᠠᠯ ᠤᠨ ᠪᠠᠢᠢᠭᠤᠯᠤᠯᠭ᠎ᠠ ᠢᠢᠨ ᠱᠣᠩᠪᠠᠭᠴᠢᠳ ᠤᠷᠢᠳᠤ ᠡᠮᠦᠨ᠎ᠡ ᠬᠢᠵᠦ ᠪᠠᠢᠢᠭᠠᠳᠦᠢ ᠳᠠᠭᠠᠭᠠᠯᠭᠠᠪᠤᠷᠢ ᠭᠦᠢᠣᠡᠳᠬᠡᠵᠦ ᠳᠠᠳᠤᠯᠭ᠎ᠠ᠂ ᠲᠤᠷᠰᠢᠯᠭ᠎ᠠ ᠬᠤᠷᠢᠮᠲᠠᠯᠠᠭᠤᠯᠤᠨ ᠤᠷ ᠠ ᠴᠢᠳᠠᠪᠤᠷᠢ ᠪᠠᠨ ᠳᠡᠭᠡᠭ᠍ᠰᠢᠯᠡᠭᠦᠯᠦᠭᠰᠡᠨ᠂
  • ᠨᠠᠭᠤᠷ ᠤᠨ ᠭᠦᠨ ᠳᠥ ᠪᠠᠢᠢᠭ᠎ᠠ ᠣᠪᠶᠧᠻᠲ᠋ ᠢ ᠰᠤᠳᠤᠯᠬᠤ᠂ ᠢᠯᠡᠷᠡᠭᠦᠯᠬᠦ᠂ ᠲᠠᠲᠠᠨ ᠭᠠᠷᠭᠠᠬᠤ ᠠᠵᠢᠯᠯᠠᠭᠠᠨ ᠳᠤ ᠠᠩᠬ ᠠ ᠤᠳᠠᠭ᠎ᠠ ᠣᠯᠠᠨ ᠦᠢᠯᠡᠳᠦᠯᠲᠦ Про-5 ᠵᠠᠭᠪᠤᠷ ᠤᠨ ᠤᠰᠤᠨ ᠤ ᠳ᠋ᠷᠤᠨ ᠠᠰᠢᠭᠯᠠᠭᠰᠠᠨ᠂
  • ᠮᠣᠩᠭ᠋ᠤᠯ ᠡᠷᠳᠡᠮᠲᠡᠳ ‍ᠦᠨ ᠵᠣᠬᠢᠶᠠᠨ ᠪᠦᠲᠦᠭᠡᠭ᠍ᠰᠡᠨ ᠬᠦᠪᠪᠦᠭᠦᠷ ᠭᠦᠭᠦᠷᠭᠡ ᠢᠢᠨ ᠲᠠᠪᠴᠠᠩ ᠳᠡᠭᠡᠷ ᠡ ᠰᠠᠭᠤᠷᠢᠯᠠᠭᠤᠯᠤᠭᠰᠠᠨ 《ᠹᠧᠷᠮ》ᠪᠤᠶᠤ ᠡᠷᠭᠦᠬᠦ ᠻᠷᠠᠨ ᠢ ᠠᠰᠢᠭᠯᠠᠭᠰᠠᠨ ᠢᠢᠠᠷ ᠣᠨᠴᠠᠯᠢᠭ ᠲᠠᠶ ᠪᠠᠢᠢᠭᠰᠠᠨ ᠢ ᠠᠵᠢᠯᠯᠠᠭᠠᠨ ᠳᠤ ᠣᠷᠤᠯᠴᠠᠭᠰᠠᠳ ᠶᠠᠷᠢᠯ ᠠ᠃

ᠲᠠᠲᠠᠨ ᠭᠠᠷᠭᠠᠬᠤ ᠠᠵᠢᠯᠯᠠᠭ᠎ᠠ ᠢᠢ ᠭᠦᠢᠴᠡᠳᠬᠡᠬᠦ ᠦᠶ ᠡ ᠳᠥ ᠠᠯᠪᠠ ᠬᠠᠭᠠᠭᠴᠢᠳ ᠤᠨ ᠠᠶᠤᠯ ᠦᠭᠡᠶ ᠪᠠᠢᠢᠳᠠᠯ ᠨᠢᠭᠡᠳᠦᠭᠡᠷ ᠲᠥ ᠪᠠᠢᠢᠬᠤ ᠵᠠᠷᠴᠢᠮ ᠪᠣᠯᠤᠨ ᠬᠦᠳᠡᠯᠮᠦᠷᠢ ᠬᠠᠮᠠᠭᠠᠯᠠᠯ᠂ ᠠᠶᠤᠯ ᠦᠭᠡᠶ ᠠᠵᠢᠯᠯᠠᠭᠠᠨ ᠤ ᠳᠦᠷᠢᠮ᠂ ᠵᠢᠷᠤᠮ ᠢ ᠪᠠᠷᠢᠮᠲᠠᠯᠠᠵᠤ ᠪᠠᠢᠢᠭᠰᠠᠨ ᠤ ᠳ᠋ᠦᠩ ᠳᠥ ᠶᠠᠮᠠᠷ ᠨᠢᠭᠡ ᠡᠨᠳᠡᠭᠳᠡᠯ᠂ ᠣᠰᠤᠯ ᠭᠠᠷᠠᠭᠠᠳᠦᠢ ᠪᠠᠢᠢᠨ᠎ᠠ᠃

ᠲᠡᠭᠡᠭᠡᠪᠦᠷᠢ ᠢᠢᠨ ᠬᠡᠷᠡᠭᠰᠡᠯ᠂ ᠲᠧᠭᠨᠢᠭ ‍ᠦᠳ ᠢ ᠣᠷᠤᠨ ᠨᠤᠲᠤᠭ ᠲᠤ ᠬᠦᠯᠢᠶᠡᠯᠭᠡᠨ ᠦᠭ᠍ᠬᠦ ᠶᠣᠰᠤᠯᠠᠯ ᠳᠤ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠡᠳ᠋ ᠳᠠᠷᠤᠭ᠎ᠠ ᠪ᠊᠂ ᠡ᠊ᠩᠬᠡ – ᠠᠮᠤᠭᠤᠯᠠᠩ᠂ ᠵᠡᠪᠰᠡᠭᠲᠦ ᠬᠦᠴᠦᠨ ‍ᠦ ᠵᠠᠩᠵᠤᠨ ᠱᠲ᠋ᠠᠪ ᠤᠨ ᠳᠠᠷᠤᠭ᠎ᠠ᠂ ᠬᠣᠰᠢᠭᠤᠴᠢ ᠭᠧᠨᠧᠷᠠᠯ ᠰ᠊᠂ ᠭᠠᠩᠪᠢᠮᠪᠠ᠂ ᠣᠨᠴᠤᠭᠠᠶ ᠪᠠᠢᠢᠳᠠᠯ ᠤᠨ ᠶᠡᠷᠦᠩᠬᠡᠶ ᠭᠠᠵᠠᠷ ᠤᠨ ᠳᠠᠷᠤᠭ᠎ᠠ᠂ ᠬᠣᠰᠢᠭᠤᠴᠢ ᠭᠧᠨᠧᠷᠠᠯ ᠭ᠂ ᠠᠷᠢᠭᠤᠨᠪᠤᠶᠠᠨ᠂ ᠬᠥᠪᠰᠦᠭᠡᠯ ᠠᠢᠢᠮᠠᠭ ᠤᠨ ᠵᠠᠰᠠᠭ ᠳᠠᠷᠤᠭ᠎ᠠ ᠫ᠊᠂ ᡀᠠᠭᠪᠠᠵᠠᠪ᠂ ᠣᠨᠴᠤᠭᠠᠶ ᠪᠠᠢᠢᠳᠠᠯ ᠤᠨ ᠶᠡᠷᠦᠩᠬᠡᠶ ᠭᠠᠵᠠᠷ ᠤᠨ ᠲᠡᠷᠢᠭᠦᠨ ᠳᠡᠳ᠋ ᠳᠠᠷᠤᠭ᠎ᠠ ᠪᠥᠭᠡᠳ ᠱᠲ᠋ᠠᠪ ᠤᠨ ᠳᠠᠷᠤᠭ᠎ᠠ᠂ ᠪᠷᠢᠭᠠᠳ᠋ ᠤᠨ ᠭᠧᠨᠧᠷᠠᠯ ᠵ᠊᠂ ᠴᠦᠯᠲᠢᠮᠰᠦ᠋ᠷᠦᠩ᠂ ᠪᠠᠢᠢᠭᠠᠯᠢ ᠣᠷᠴᠢᠨ᠂ ᠠᠭᠤᠷ ᠠᠮᠢᠰᠬᠤᠯ ᠤᠨ ᠦᠭᠡᠷᠡᠴᠢᠯᠡᠯᠲᠡ ᠢᠢᠨ ᠶᠠᠮᠤᠨ ᠤ ᠪᠠᠢᠢᠭᠠᠯᠢ ᠢᠢᠨ ᠨᠥᠭᠡᠴᠡ ᠢᠢᠨ ᠪᠣᠳᠤᠯᠭ᠎ᠠ ᠢᠢᠨ ᠬᠡᠷᠡᠭᠵᠢᠯᠲᠡ ᠢᠢᠨ ᠭᠠᠵᠠᠷ ᠤᠨ ᠳᠠᠷᠤᠭ᠎ᠠ ᠴ᠊᠂ ᠤᠷᠠᠨᠴᠢᠮᠡᠭ᠂ ᠵᠡᠪᠰᠡᠭᠲᠦ ᠬᠦᠴᠦᠨ ‍ᠦ ᠵᠠᠩᠵᠤᠨ ᠱᠲ᠋ᠠᠪ ᠤᠨ ᠪᠠᠷᠢᠯᠭ᠎ᠠ ᠢᠨ᠋ᠵᠧᠨᠧᠷ ‍ᠦᠨ ᠴᠡᠷᠢᠭ ‍ᠦᠨ ᠤᠳᠤᠷᠢᠳᠬᠤ ᠭᠠᠵᠠᠷ ᠤᠨ ᠬᠣᠯᠪᠤᠭᠴᠢ᠂ ᠬᠤᠷᠠᠩᠳᠠ ᠮ᠊᠂ ᠪᠠᠲᠤᠪᠣᠯᠤᠳ᠂ ᠬᠥᠪᠰᠦᠭᠡᠯ ᠠᠢᠢᠮᠠᠭ ᠤᠨ ᠣᠨᠴᠤᠭᠠᠶ ᠪᠠᠢᠢᠳᠠᠯ ᠤᠨ ᠶᠡᠷᠦᠩᠬᠡᠶ ᠭᠠᠵᠠᠷ ᠤᠨ ᠳᠠᠷᠤᠭ᠎ᠠ᠂ ᠳᠡᠳ᠋ ᠬᠤᠷᠠᠩᠳᠠ ᠮ᠊᠂ ᠭᠠᠩᠪᠣᠯᠤᠳ ᠪᠣᠯᠤᠨ ᠠᠵᠢᠯ ᠤᠨ ᠬᠡᠰᠡᠭ ‍ᠦᠨ ᠪᠦᠷᠢᠯᠳᠡᠬᠦᠨ᠂ ᠠᠢᠢᠮᠠᠭ᠂ ᠣᠷᠤᠨ ᠨᠤᠲᠤᠭ ᠤᠨ ᠬᠣᠯᠪᠤᠭᠳᠠᠬᠤ ᠤᠳᠤᠷᠢᠳᠤᠯᠭ᠎ᠠ᠂ ᠢᠷᠭᠡᠳ ‍ᠦᠨ ᠲᠥᠯᠦᠭᠡᠯᠡᠯ ᠣᠷᠤᠯᠴᠠᠯ ᠠ᠃

ᠬᠥᠪᠰᠦᠭᠡᠯ ᠨᠠᠭᠤᠷ ᠨᠢ ᠮᠣᠩᠭ᠋ᠤᠯ ᠣᠷᠤᠨ ᠤ ᠴᠡᠩᠭᠡᠭ ᠤᠰᠤᠨ ᠤ 75 ᠣᠷᠴᠢᠮ᠂ ᠳᠡᠯᠡᠬᠡᠢ ᠢᠢᠨ ᠴᠡᠩᠭᠡᠭ ᠤᠰᠤᠨ ᠤ 0.4 ᠬᠤᠪᠢ ᠢᠢ ᠪᠦᠷᠢᠳᠦᠭᠦᠯᠳᠡᠭ᠂ 500 ᠵᠢᠯ ᠵᠠᠷᠠᠴᠠᠭᠤᠯᠵᠤ ᠪᠠᠶᠢᠵᠤ ᠤᠰᠤ ᠪᠠᠨ ᠨᠢᠭᠡ ᠤᠳᠠᠭ᠎ᠠ ᠴᠡᠪᠡᠷᠰᠢᠭᠦᠯᠳᠡᠭ ᠨᠠᠭᠤᠷ ᠶᠤᠮ᠃

ᠮᠥᠨ ᠮᠠᠨ ᠤ ᠤᠯᠤᠰ ᠤᠨ ᠨᠡᠢᠢᠲᠠ ᠭᠣᠣᠯ ᠮᠥᠷᠡᠨ ‍ᠦ 10 ᠵᠢᠯ ‍ᠦᠨ ᠤᠷᠤᠰᠠᠴᠠ ᠲᠠᠶ ᠲᠡᠩᠴᠡᠬᠦ ᠬᠡᠮᠵᠢᠶᠡᠨ ‍ᠦ ᠴᠡᠩᠭᠡᠭ ᠤᠰᠤ ᠵᠢ ᠠᠢ ᠰᠠᠪᠠ ᠳᠠᠭᠠᠨ ᠠᠭᠤᠯᠳᠠᠭ ᠪᠥᠭᠡᠳ ᠣᠢ ᠲᠠᠶᠢᠭ᠎ᠠ ᠢᠢᠨ 25 ᠬᠤᠪᠢ᠂ ᠨᠡᠩ ᠬᠤᠪᠤᠷ ᠠᠮᠢᠲᠠᠨ᠂ ᠤᠷᠭᠤᠮᠠᠯ ᠤᠨ ᠳᠡᠢᠢᠯᠦᠩᠬᠢ ᠨᠢ ᠡᠨᠡ ᠨᠠᠭᠤᠷ ᠢ ᠲᠣᠭᠤᠷᠢᠨ ᠣᠷᠤᠰᠢᠵᠤ ᠪᠠᠢᠢᠨ᠎ᠠ᠃

ᠮᠣᠩᠭ᠋ᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 2017 ᠣᠨ ᠳᠤ ᠶᠡᠷᠦᠩᠬᠡᠶ ᠰᠠᠶᠢᠳ ᠢᠢᠠᠷ ᠠᠵᠢᠯᠯᠠᠵᠤ ᠪᠠᠢᠢᠬᠤ ᠳᠠᠭᠠᠨ ᠭᠠᠩᠭ᠋᠎ᠠ ᠨᠠᠭᠤᠷ ᠢ ᠬᠠᠮᠠᠭᠠᠯᠠᠬᠤ ᠠᠵᠢᠯ ᠢ ᠰᠠᠨᠠᠭᠠᠴᠢᠯᠠᠨ ᠡᠬᠢᠯᠡᠭᠦᠯᠵᠦ ᠪᠠᠢᠢᠯ ᠠ᠃ ᠡᠭᠦᠨ ‍ᠦ ᠦᠷ ᠡ ᠳ᠋ᠦᠩ ᠳᠥ ᠰᠢᠷᠭᠢᠬᠦ ᠳᠡᠭᠡᠨ ᠲᠤᠯᠤᠵᠤ ᠪᠠᠢᠢᠭᠰᠠᠨ ᠭᠠᠩᠭ᠋᠎ᠠ ᠨᠠᠭᠤᠷ ᠤᠨ ᠡᠻᠣᠰᠢᠰᠲ᠋ᠧᠮ 2023 ᠤᠨ ᠳᠤ ᠪᠦᠷᠢᠨ ᠰᠡᠷᠭᠦᠵᠦ᠂ ᠤᠰᠤᠨ ᠤ ᠲᠦᠪᠰᠢᠨ 2005 ᠤᠨ ᠤ ᠬᠡᠮᠵᠢᠶᠡᠨ ᠳᠥ ᠬᠦᠷᠦᠭᠡᠳ ᠪᠠᠢᠢᠨ᠎ᠠ᠃ ᠮᠥᠨ ᠡᠨᠡ ᠤᠨ ᠡᠴᠠ ᠨᠠᠭᠤᠷ ᠢ ᠬᠠᠮᠠᠭᠠᠯᠠᠬᠤ ᠬᠣᠶᠠᠷ ᠳᠠᠬᠢ ᠱᠠᠲᠤᠨ ᠤ ᠲᠥᠰᠦᠯ ᠡᠬᠢᠯᠡᠭᠰᠡᠨ ᠶᠤᠮ᠃

ᠡᠭᠦᠨ ᠡᠴᠡ ᠭᠠᠳᠠᠨ᠎ᠠ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠪᠠᠷ ᠬᠡᠷᠦᠯᠦᠨ ᠭᠣᠣᠯ᠂ ᠥᠭ᠍ᠭᠦᠢ ᠨᠠᠭᠤᠷ᠂ ᠪᠤᠮᠪᠤᠲᠤ ᠢᠢᠨ ᠷᠠᠰᠢᠶᠠᠨ ᠢ ᠰᠡᠷᠭᠦᠭᠡᠬᠦ ᠲᠥᠰᠦᠯ ᠢ ᠬᠡᠷᠡᠭᠵᠢᠭᠦᠯᠵᠦ ᠪᠠᠢᠢᠨ᠎ᠠ᠃