Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ ᠲᠥᠷᠥ ᠶᠢᠨ ᠳᠠᠯᠪᠠᠭᠠᠨ ᠤ ᠡᠳᠦᠷ ᠲᠦ ᠵᠣᠷᠢᠭᠤᠯᠤᠭᠰᠠᠨ ᠴᠡᠷᠢᠭ ᠦᠨ ᠶᠣᠰᠣᠯᠠᠯ ᠤᠨ ᠵᠢᠭᠰᠠᠭᠠᠯ ᠤᠨ ᠨᠡᠭᠡᠭᠡᠯᠲᠡ ᠳᠦ ᠣᠷᠣᠯᠴᠠᠵᠤ᠂ ᠦᠭᠡ ᠬᠡᠯᠡᠯ᠎ᠡ

ᠮᠣᠩᠭ᠋ᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨᠳ᠋ᠯᠠᠭᠴᠢ ᠬ ∙ ᠪᠠᠲᠤᠲᠤᠯᠭ᠎ᠠ ᠥᠨᠥᠳᠥᠷ ᠲᠣᠬᠢᠶᠠᠵᠤ ᠪᠤᠢ ᠮᠣᠩᠭ᠋ᠣᠯ ᠤᠯᠤᠰ ᠤᠨ ᠲᠥᠷᠥ ᠢᠢᠨ ᠳᠠᠯᠪᠠᠭᠠᠨ ᠤ ᠡᠳᠦᠷ ᠲᠥ ᠵᠣᠷᠢᠭᠤᠯᠤᠭᠰᠠᠨ ᠴᠡᠷᠢᠭ ᠦᠨ ᠶᠣᠰᠣᠯᠠᠯ ᠤᠨ ᠵᠢᠭ᠌ᠰᠠᠭᠠᠯ ᠢ ᠨᠡᠭᠡᠭᠡᠵᠦ ᠦᠭᠡ ᠬᠡᠯᠡᠯ᠎ᠡ᠃

 

ᠲᠥᠷᠥ ᠢᠢᠨ ᠳᠠᠯᠪᠠᠭᠠᠨ ᠤ ᠡᠳᠦᠷ ᠲᠥ ᠵᠣᠷᠢᠭᠤᠯᠤᠭᠰᠠᠨ ᠴᠡᠷᠢᠭ ᠦᠨ ᠶᠣᠰᠣᠯᠠᠯ ᠤᠨ ᠵᠢᠭ᠌ᠰᠠᠭᠠᠯ ᠤᠨ ᠨᠡᠭᠡᠭᠡᠯᠲᠡ ᠢᠢᠨ ᠶᠣᠰᠣᠯᠠᠯ ᠳᠤ ᠮᠣᠩᠭ᠋ᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ᠂ ᠤᠯᠤᠰ ᠤᠨ ᠶᠡᠬᠡ ᠬᠤᠷᠠᠯ ᠤᠨ ᠳᠠᠷᠤᠭ᠎ᠠ ᠮ ∙ ᠡᠩᠬᠡᠪᠣᠯᠤᠳ᠂ ᠵᠠᠰᠠᠭ ᠤᠨ ᠭᠠᠵᠠᠷ ᠤᠨ ᠲᠡᠷᠢᠭᠦᠨ ᠤ᠊ ∙ ᠬᠦᠷᠦᠯᠰᠦ᠋ᠬᠡ᠂ ᠵᠠᠰᠠᠭ ᠤᠨ ᠭᠠᠵᠠᠷ ᠤᠨ ᠰᠠᠢᠢᠳ ᠨᠠᠷ᠂ ᠤᠯᠤᠰ ᠤᠨ ᠶᠡᠬᠡ ᠬᠤᠷᠠᠯ ᠤᠨ ᠭᠡᠰᠢᠭᠦᠳ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠤᠳᠤᠷᠢᠳᠤᠯᠭ᠎ᠠ ᠨᠤᠭᠤᠳ᠂ ᠮᠣᠩᠭ᠋ᠣᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠨᠠᠷ᠂ ᠣᠯᠠᠨ ᠤᠯᠤᠰ ᠤᠨ ᠪᠠᠢᠢᠭᠤᠯᠤᠯᠭ᠎ᠠ ᠢᠢᠨ ᠲᠥᠯᠥᠭᠡᠯᠡᠭᠴᠢ᠂ ᠪᠤᠰᠤᠳ ᠠᠯᠪᠠᠨ ᠤ ᠬᠦᠮᠦᠰ ᠪᠣᠯᠤᠨ ᠢᠷᠭᠡᠳ᠂ ᠵᠢᠭᠤᠯᠴᠢᠳ ᠤᠷᠤᠯᠴᠠᠪᠠ᠃

 

ᠲᠥᠷᠥ ᠢᠢᠨ ᠳᠠᠯᠪᠠᠭᠠᠨ ᠤ ᠡᠳᠦᠷ ᠢ ᠮᠣᠩᠭ᠋ᠣᠯ ᠤᠯᠤᠰ ᠤᠨ ᠢᠷᠭᠡᠳ ᠲᠥ ᠡᠬᠡ ᠣᠷᠣᠨᠴᠢ ᠦᠨᠳᠦᠰᠦᠨ ᠦ ᠦᠵᠡᠯ᠂ ᠬᠦᠮᠦᠵᠢᠯ ᠲᠥᠯᠦᠪᠰᠢᠭᠦᠯᠬᠦ ᠵᠣᠷᠢᠯᠭ᠎ᠠ ᠪᠠᠷ ᠵᠢᠯ ᠪᠦᠷᠢ ᠢᠢᠨ ᠳᠣᠯᠣᠳᠤᠭᠠᠷ ᠰᠠᠷ᠎ᠠ ᠢᠢᠨ 10 ᠍ ᠳᠥ ᠲᠡᠮᠳᠡᠭᠯᠡᠵᠦ ᠪᠠᠢᠢᠬᠤ ᠪᠠᠷ ᠪᠣᠯᠤᠭᠰᠠᠨ ᠪᠥᠭᠡᠳ 2009 ᠣᠨ ᠳᠤ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ ᠪᠠᠶᠠᠷ ᠤᠨ ᠡᠨᠡᠬᠦ ᠡᠳᠦᠷ ᠤᠯᠠᠭᠠᠨᠪᠠᠭᠠᠲᠤᠷ ᠴᠡᠷᠢᠭ ᠦᠨ ᠬᠦᠷᠢᠶᠡᠨ ᠦ ᠨᠢᠭᠡᠳᠬᠡᠯ᠂ ᠠᠩᠭᠢ ᠨᠤᠭᠤᠳ ᠴᠡᠷᠢᠭ ᠦᠨ ᠶᠣᠰᠣᠯᠠᠯ ᠤᠨ ᠵᠢᠭ᠌ᠰᠠᠭᠠᠯ ᠬᠢᠳᠡᠭ ᠤᠯᠠᠮᠵᠢᠯᠠᠯ ᠲᠠᠢ ᠪᠣᠯᠤᠭᠰᠠᠨ ᠶᠤᠮ᠃

 

ᠮᠣᠩᠭ᠋ᠣᠯ ᠤᠯᠤᠰ ᠤᠨ ᠲᠥᠷᠥ ᠢᠢᠨ ᠳᠠᠯᠪᠠᠭᠠᠨ ᠤ ᠡᠳᠦᠷ ᠲᠥ ᠵᠣᠷᠢᠭᠤᠯᠤᠭᠰᠠᠨ ᠴᠡᠷᠢᠭ ᠦᠨ ᠶᠣᠰᠣᠯᠠᠯ ᠤᠨ ᠵᠢᠭ᠌ᠰᠠᠭᠠᠯ ᠢ ᠨᠡᠭᠡᠭᠡᠵᠦ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄

 

《ᠮᠣᠩᠭ᠋ᠣᠯᠴᠤᠳ ᠠ᠋᠂

ᠵᠡᠪᠰᠡᠭᠲᠦ ᠬᠦᠴᠦᠨ ᠦ ᠳᠠᠢᠢᠴᠢᠳ ᠠ᠋᠂ ᠣᠹᠢᠼᠧᠷ᠂ ᠭᠧᠨᠧᠷᠠᠯ ᠤᠳ ᠠ᠋

ᠵᠣᠴᠢᠳ ᠠ᠋᠂

 

ᠲᠠ ᠪᠦᠬᠦᠨ ᠳᠥ ᠮᠣᠩᠭ᠋ᠣᠯ ᠤᠯᠤᠰ ᠤᠨ ᠲᠥᠷᠥ ᠢᠢᠨ ᠳᠠᠯᠪᠠᠭᠠᠨ ᠤ ᠡᠳᠦᠷ ᠦᠨ ᠮᠡᠨᠳᠦ ᠢᠢ ᠬᠦᠷᠭᠡᠶ᠎ᠡ᠃

 

ᠲᠥᠷᠥᠳᠥ ᠶᠣᠰᠣᠨ ᠤ ᠭᠤᠷᠪᠠᠨ ᠶᠡᠬᠡ ᠪᠡᠯᠭᠡᠳᠡᠯ ᠨᠢ ᠡᠷᠲᠡᠨ ᠡᠴᠡ ᠲᠥᠷᠥ ᠢᠢᠨ ᠳᠠᠯᠪᠠᠭ᠎ᠠ᠂ ᠲᠥᠷᠥ ᠢᠢᠨ ᠰᠦᠯᠳᠡ᠂ ᠲᠥᠷᠥ ᠢᠢᠨ ᠳᠠᠭᠤᠯᠠᠯ ᠪᠠᠢᠢᠵᠤ ᠢᠷᠡᠭᠰᠡᠨ᠃ ᠮᠣᠩᠭ᠋ᠣᠯᠴᠤᠳ ᠪᠢᠳᠡ ᠲᠥᠷᠥᠳᠥ ᠶᠣᠰᠣᠨ ᠤ ᠥᠨᠢ ᠡᠷᠲᠡᠨ ᠦ ᠲᠡᠦᠬᠡ ᠲᠡᠢ ᠠᠷᠠᠳ ᠲᠦᠮᠡᠨ ᠪᠢᠯᠡ᠃ ᠠᠽᠢᠶ᠎ᠠ ᠢᠢᠨ ᠠᠩᠬᠠᠨ ᠤ ᠲᠥᠷᠥᠳᠥ ᠤᠯᠤᠰ ᠤᠳ ᠢ ᠪᠠᠢᠢᠭᠤᠯᠵᠤ ᠶᠠᠪᠤᠭᠰᠠᠨ ᠪᠢᠳᠡᠨ ᠦ ᠡᠪᠦᠭᠡ ᠳᠡᠭᠡᠳᠦᠰ᠂ ᠳᠣᠮᠣᠭᠲᠤ ᠨᠡᠭᠦᠳᠡᠯᠴᠢᠳ ᠤᠯᠤᠰ ᠤᠨ ᠲᠤᠭ ᠳᠠᠯᠪᠠᠭ᠎ᠠ᠂ ᠲᠤᠭ ᠰᠦᠯᠳᠡ ᠪᠡᠨ ᠰᠦᠰᠦᠯᠡᠨ ᠳᠡᠭᠡᠳᠦᠯᠡᠵᠦ᠂ ᠭᠦᠨ ᠬᠦᠨᠳᠦᠳᠬᠡᠯ ᠦᠵᠡᠭᠦᠯᠵᠦ ᠢᠷᠡᠭᠰᠡᠨ ᠤᠯᠠᠮᠵᠢᠯᠠᠯ ᠲᠠᠢ ᠪᠢᠯᠡ᠃

 

ᠡᠨᠡ ᠤᠯᠠᠮᠵᠢᠯᠠᠯ ᠢ ᠣᠷᠴᠢᠨ ᠴᠠᠭ ᠤᠨ ᠬᠠᠨᠳᠤᠯᠭ᠎ᠠ᠂ ᠰᠤᠶᠤᠯ ᠲᠠᠢ ᠨᠡᠢᠢᠴᠡᠭᠦᠯᠦᠨ 2009 ᠣᠨ ᠠᠴᠠ ᠠᠯᠪᠠᠨ ᠶᠣᠰᠣᠭᠠᠷ ᠲᠥᠷᠥ ᠢᠢᠨ ᠳᠠᠯᠪᠠᠭᠠᠨ ᠤ ᠡᠳᠦᠷ ᠢ ᠲᠡᠮᠳᠡᠭᠯᠡᠬᠦ ᠪᠣᠯᠤᠭᠰᠠᠨ᠃ ᠮᠣᠩᠭ᠋ᠣᠯᠴᠤᠳ ᠣᠯᠠᠨ ᠤᠯᠤᠰ᠂ ᠲᠢᠢᠪ᠂ ᠳᠡᠯᠡᠬᠡᠢ᠂ ᠣᠯᠢᠮᠫ ᠤᠨ ᠲᠠᠪᠴᠠᠩ ᠳᠤ ᠢᠯᠠᠯᠲᠠ ᠪᠠᠨ ᠲᠤᠩᠬᠠᠭᠯᠠᠨ ᠣᠮᠣᠭᠰᠢᠵᠤ ᠪᠠᠬᠠᠷᠬᠠᠬᠤ ᠳᠤ ᠪᠠᠨ᠂ ᠤᠯᠤᠰ ᠣᠷᠣᠨ ᠢᠶᠠᠨ ᠲᠥᠯᠥᠭᠡᠯᠡᠨ ᠳᠡᠯᠡᠬᠡᠢ ᠢᠢᠨ ᠥᠨᠴᠥᠭ ᠪᠤᠯᠤᠨ ᠪᠦᠷᠢ ᠳᠥ ᠡᠭᠦᠷᠭᠡ ᠭᠦᠢᠴᠡᠳᠭᠡᠬᠦ ᠳᠥ ᠪᠡᠨ᠂ ᠡᠬᠡ ᠣᠷᠣᠨ ᠢᠶᠠᠷ ᠢᠶᠠᠨ ᠪᠠᠬᠠᠷᠬᠠᠵᠤ᠂ ᠡᠬᠡ ᠲᠡᠦᠬᠡ ᠪᠡᠨ ᠬᠠᠢᠢᠷᠠᠯᠠᠬᠤ ᠳᠤ ᠪᠠᠨ ᠠᠯᠲᠠᠨ ᠰᠣᠶᠣᠮᠪᠣᠳᠤ ᠳᠠᠯᠪᠠᠭᠠᠨ ᠤ ᠪᠠᠨ ᠳᠣᠣᠷ᠎ᠠ ᠨᠢᠭᠡᠳᠳᠡᠭ᠃ ᠪᠢᠳᠡ ᠨᠢᠭᠡᠳᠦᠨ ᠨᠢᠭ᠌ᠲᠠᠷᠠᠬᠤ᠂ ᠤᠷᠤᠭᠰᠢᠯᠠᠨ ᠬᠥᠭ᠍ᠵᠢᠬᠦ ᠡᠷᠡᠮᠡᠯᠵᠡᠯ᠂ ᠨᠢᠭᠡᠨ ᠳᠥ ᠪᠡᠨ ᠬᠦᠴᠦ ᠳᠡᠮ ᠥᠭ᠍ᠬᠦ᠂ ᠰᠡᠳᠬᠢᠯ ᠵᠢᠷᠦᠬᠡ ᠪᠡᠨ ᠴᠢᠩᠭᠠᠯᠠᠵᠤ᠂ ᠤᠷᠮ᠎ᠠ ᠠᠪᠬᠤ ᠦᠶ᠎ᠡ ᠳᠥ ᠪᠡᠨ ᠡᠨᠡ ᠯᠠ ᠲᠤᠭ ᠤᠨ ᠳᠣᠣᠷ᠎ᠠ ᠨᠢᠭᠡᠳᠳᠡᠭ᠃

 

ᠡᠨᠡ ᠵᠢᠯ ᠦᠨ ᠲᠥᠷᠥ ᠢᠢᠨ ᠳᠠᠯᠪᠠᠭᠠᠨ ᠤ ᠡᠳᠦᠷ ᠦᠨ ᠡᠮᠦᠨᠡᠬᠡᠨ 《ᠣᠷᠣᠨ ᠨᠤᠲᠤᠭ ᠤᠨ ᠬᠠᠮᠠᠭᠠᠯᠠᠯᠲᠠ ᠢᠢᠨ ᠲᠤᠬᠠᠢ ᠬᠠᠤᠯᠢ》 ᠪᠠᠲᠤᠯᠠᠭᠳᠠᠯ᠎ᠠ᠃ ᠬᠠᠤᠯᠢ ᠪᠠᠷ ᠢᠷᠭᠡᠳ ᠦᠨ ᠡᠬᠡ ᠣᠷᠣᠨ ᠢᠶᠠᠨ ᠪᠠᠲᠤᠯᠠᠨ ᠬᠠᠮᠠᠭᠠᠯᠠᠬᠤ ᠡᠭᠦᠷᠭᠡ ᠢᠢᠨ ᠲᠠᠯᠠᠭᠠᠷᠬᠢ ᠦᠨᠳᠦᠰᠦᠨ ᠬᠠᠤᠯᠢ ᠢᠢᠨ ᠵᠢᠭᠠᠯᠲᠠ ᠠᠮᠢᠳᠤᠷᠠᠯ ᠳᠤ ᠪᠦᠷᠢᠨ ᠤᠳᠬ᠎ᠠ ᠪᠠᠷ ᠢᠶᠠᠨ ᠬᠡᠷᠡᠭᠵᠢᠬᠦ ᠨᠥᠬᠥᠴᠡᠯ ᠪᠥᠷᠢᠳᠴᠦ ᠪᠠᠢᠢᠭ᠎ᠠ ᠶᠤᠮ᠃ ᠢᠷᠭᠡᠨ᠂ ᠬᠠᠤᠯᠢ ᠢᠢᠨ ᠡᠲᠡᠭᠡᠳ᠂ ᠲᠥᠷᠥ ᠢᠢᠨ ᠪᠠᠢᠢᠭᠤᠯᠤᠯᠭ᠎ᠠ ᠢᠢᠨ ᠣᠷᠣᠨ ᠨᠤᠲᠤᠭ ᠤᠨ ᠬᠠᠮᠠᠭᠠᠯᠠᠯᠲᠠ ᠢᠢᠨ ᠪᠦᠷᠢᠨ ᠡᠷᠬᠡ᠂ ᠴᠢᠭ᠌ ᠡᠭᠦᠷᠭᠡ ᠢᠢᠨ ᠤᠶᠠᠯᠳᠤᠭ᠎ᠠ ᠬᠠᠩᠭ᠋ᠠᠭᠳᠠᠵᠤ᠂ ᠪᠠᠲᠤᠯᠠᠨ ᠬᠠᠮᠠᠭᠠᠯᠠᠬᠤ ᠨᠢᠭᠡᠳᠦᠮᠡᠯ ᠲᠣᠭᠲᠠᠯᠴᠠᠭ᠎ᠠ ᠴᠣᠭᠴᠠ ᠪᠠᠷ ᠬᠠᠩᠭ᠋ᠠᠭᠳᠠᠬᠤ ᠡᠷᠬᠡ ᠵᠦᠢ ᠢᠢᠨ ᠦᠨᠳᠦᠰᠦ ᠪᠦᠷᠢᠳᠦᠯ᠎ᠡ᠃ ᠵᠡᠪᠰᠡᠭᠲᠦ ᠬᠦᠴᠦᠨ ᠦ ᠠᠯᠪᠠᠨ ᠬᠠᠭᠠᠭᠴᠢᠳ᠂ ᠮᠣᠩᠭ᠋ᠣᠯ ᠤᠯᠤᠰ ᠤᠨ ᠢᠷᠭᠡᠳ ᠲᠠ ᠪᠦᠬᠦᠨ ᠡᠬᠡ ᠣᠷᠣᠨ ᠤ ᠪᠠᠨ ᠲᠤᠰᠠᠭᠠᠷ ᠲᠣᠭᠲᠠᠨᠢᠯ᠂ ᠪᠦᠷᠢᠨ ᠡᠷᠬᠡᠲᠦ ᠪᠠᠢᠢᠳᠠᠯ ᠢ ᠬᠠᠩᠭ᠋ᠠᠬᠤ ᠳᠤ ᠥᠪᠡᠷ ᠥᠪᠡᠷᠰᠡᠳ ᠦᠨ ᠬᠤᠪᠢ ᠨᠡᠮᠡᠷᠢ ᠢᠢ ᠣᠷᠣᠭᠤᠯᠵᠤ ᠪᠠᠢᠢᠭ᠎ᠠ᠃ ᠡᠬᠡ ᠣᠷᠣᠨ᠂ ᠲᠤᠰᠠᠭᠠᠷ ᠲᠣᠭᠲᠠᠨᠢᠯ ᠪᠣᠯ ᠢᠷᠭᠡᠨ ᠪᠦᠷᠢ ᠢᠢᠨ ᠰᠡᠳᠬᠢᠯ ᠳᠥ ᠣᠷᠣᠰᠢᠵᠤ᠂ ᠮᠣᠩᠭ᠋ᠣᠯ ᠬᠦᠮᠦᠨ ᠪᠦᠷᠢ ᠢᠢᠨ ᠵᠣᠷᠢᠭ ᠡᠷᠡᠮᠡᠯᠵᠡᠯ ᠢᠶᠡᠷ ᠳᠠᠷᠬᠠᠯᠠᠭᠳᠠᠳᠠᠭ ᠠᠷᠢᠭᠤᠨ ᠨᠠᠨᠳᠢᠨ ᠵᠦᠢᠯ ᠪᠢᠯᠡ᠃ ᠡᠭᠦᠨ ᠢ ᠨᠢᠭᠡᠳᠬᠡᠵᠦ᠂ ᠬᠡᠢᠢᠮᠣᠷᠢᠯᠠᠵᠤ᠂ ᠳᠡᠷᠪᠡᠵᠦ ᠪᠠᠢᠢᠳᠠᠭ ᠠᠯᠲᠠᠨ ᠰᠣᠶᠣᠮᠪᠣᠳᠤ ᠲᠥᠷᠥ ᠢᠢᠨ ᠳᠠᠯᠪᠠᠭ᠎ᠠ ᠪᠣᠯ ᠪᠢᠳᠡᠨ ᠦ ᠬᠦᠨᠳᠦᠯᠡᠯ᠂ ᠮᠣᠩᠭ᠋ᠣᠯ ᠤᠯᠤᠰ ᠤᠨ ᠲᠤᠰᠠᠭᠠᠷ ᠲᠣᠭᠲᠠᠨᠢᠯ ᠤᠨ ᠢᠯᠡᠷᠬᠡᠢᠢᠯᠡᠯ ᠶᠤᠮ᠃ ᠡᠨᠡ ᠳᠠᠯᠪᠠᠭ᠎ᠠ ᠦᠶ᠎ᠡ ᠢᠢᠨ ᠦᠶ᠎ᠡ ᠳᠥ ᠬᠥᠬᠡ ᠲᠩᠷᠢ ᠳᠥ ᠪᠡᠨ ᠶᠡᠬᠡᠮᠰᠦᠭ ᠢᠶᠡᠷ ᠨᠠᠮᠢᠷᠠᠵᠤ ᠪᠠᠢᠢᠬᠤ ᠪᠣᠯᠤᠨ᠎ᠠ᠃

 

ᠨᠡᠢᠢᠲᠡ ᠮᠣᠩᠭ᠋ᠣᠯᠴᠤᠳ ᠲᠤ ᠪᠠᠨ᠂ ᠮᠣᠩᠭ᠋ᠣᠯ ᠣᠷᠣᠨ ᠳᠤ ᠵᠣᠴᠢᠯᠠᠨ ᠢᠷᠡᠭᠰᠡᠨ ᠠᠨᠳᠠ ᠨᠥᠬᠥᠳ᠂ ᠵᠢᠭᠤᠯᠴᠢᠳ ᠲᠤ ᠮᠣᠩᠭ᠋ᠣᠯ ᠤᠯᠤᠰ ᠤᠨ ᠲᠥᠷᠥ ᠢᠢᠨ ᠳᠠᠯᠪᠠᠭᠠᠨ ᠤ ᠡᠳᠦᠷ ᠦᠨ ᠮᠡᠨᠳᠦ ᠢᠢ ᠳᠠᠬᠢᠨ ᠳᠡᠪᠰᠢᠭᠦᠯᠦᠶ᠎ᠡ᠃

 

ᠮᠥᠩᠬᠡ ᠲᠩᠷᠢ ᠢᠢᠨ ᠬᠦᠴᠦᠨ ᠳᠦᠷ ᠮᠣᠩᠭ᠋ᠣᠯ ᠤᠯᠤᠰ ᠪᠠᠳᠠᠷᠠᠨ ᠬᠥᠭ᠍ᠵᠢᠬᠦ ᠪᠣᠯᠲᠤᠭᠠᠢ᠃

 

ᠤᠷᠠ ᠨᠥᠬᠥᠳ ᠡ》 ᠭᠡᠪᠡ᠃

 

ᠴᠡᠷᠢᠭ ᠦᠨ ᠶᠣᠰᠣᠯᠠᠯ ᠤᠨ ᠵᠢᠭ᠌ᠰᠠᠭᠠᠯ ᠳᠤ᠄

 

ᠵᠡᠪᠰᠡᠭᠲᠦ ᠬᠦᠴᠦᠨ ᠦ ᠵᠠᠩᠵᠤᠨ ᠱᠲ᠋ᠠᠪ ᠠᠴᠠ ᠬᠣᠶᠠᠷ ᠷᠣᠲ

ᠵᠡᠪᠰᠡᠭᠲᠦ ᠬᠦᠴᠦᠨ ᠦ ᠬᠠᠭᠤᠷᠠᠢ ᠵᠠᠮ ᠤᠨ ᠴᠡᠷᠢᠭ ᠦᠨ ᠺᠣᠮᠠᠨ᠋ᠳ᠋ᠯᠠᠯ᠂ ᠲᠡᠭᠦᠨ ᠦ ᠬᠠᠷᠢᠶ᠎ᠠ ᠠᠩᠭᠢ ᠨᠤᠭᠤᠳ ᠠᠴᠠ ᠳᠥᠷᠪᠡᠨ ᠷᠣᠲ

ᠵᠡᠪᠰᠡᠭᠲᠦ ᠬᠦᠴᠦᠨ ᠦ ᠠᠭᠠᠷ ᠤᠨ ᠴᠡᠷᠢᠭ ᠦᠨ ᠺᠣᠮᠠᠨ᠋ᠳ᠋ᠯᠠᠯ᠂ ᠲᠡᠭᠦᠨ ᠦ ᠬᠠᠷᠢᠶ᠎ᠠ ᠠᠩᠭᠢ ᠨᠤᠭᠤᠳ ᠠᠴᠠ ᠬᠣᠶᠠᠷ ᠷᠣᠲ

ᠦᠨᠳᠦᠰᠦᠨ ᠦ ᠪᠠᠲᠤᠯᠠᠨ ᠬᠠᠮᠠᠭᠠᠯᠠᠬᠤ ᠢᠢᠨ ᠶᠡᠬᠡ ᠰᠤᠷᠭᠠᠭᠤᠯᠢ ᠠᠴᠠ ᠭᠤᠷᠪᠠᠨ ᠷᠣᠲ

ᠵᠡᠪᠰᠡᠭᠲᠦ ᠬᠦᠴᠦᠨ ᠦ ᠠᠩᠭᠢ᠂ ᠪᠠᠢᠢᠭᠤᠯᠤᠯᠭ᠎ᠠ ᠠᠴᠠ ᠲᠠᠪᠤᠨ ᠷᠣᠲ

ᠬᠢᠯᠢ ᠬᠠᠮᠠᠭᠠᠯᠠᠬᠤ ᠶᠡᠷᠦᠩᠬᠡᠢ ᠭᠠᠵᠠᠷ ᠠᠴᠠ ᠨᠢᠭᠡ ᠷᠣᠲ

ᠳᠣᠲᠣᠭᠠᠳᠤ ᠢᠢᠨ ᠴᠡᠷᠢᠭ ᠦᠨ ᠨᠢᠭᠡ ᠷᠣᠲ

ᠣᠨᠴᠣᠭᠤᠢ ᠪᠠᠢᠢᠳᠠᠯ ᠤᠨ ᠶᠡᠷᠦᠩᠬᠡᠢ ᠭᠠᠵᠠᠷ ᠠᠴᠠ ᠬᠣᠶᠠᠷ ᠷᠣᠲ

ᠴᠠᠭᠳᠠᠭ᠎ᠠ ᠢᠢᠨ ᠶᠡᠷᠦᠩᠬᠡᠢ ᠭᠠᠵᠠᠷ ᠠᠴᠠ ᠨᠢᠭᠡ ᠷᠣᠲ

ᠰᠢᠭᠦᠬᠦ ᠢᠢᠨ ᠰᠢᠢᠳᠪᠦᠷᠢ ᠭᠦᠢᠴᠡᠳᠭᠡᠬᠦ ᠶᠡᠷᠦᠩᠬᠡᠢ ᠭᠠᠵᠠᠷ ᠠᠴᠠ ᠨᠢᠭᠡ ᠷᠣᠲ

ᠬᠠᠤᠯᠢ ᠰᠠᠬᠢᠭᠤᠯᠬᠤ ᠢᠢᠨ ᠶᠡᠬᠡ ᠰᠤᠷᠭᠠᠭᠤᠯᠢ ᠠᠴᠠ ᠭᠤᠷᠪᠠᠨ ᠰᠠᠯᠪᠤᠷᠢ

ᠤᠯᠠᠭᠠᠨᠪᠠᠭᠠᠲᠤᠷ ᠴᠡᠷᠢᠭ ᠦᠨ ᠬᠦᠷᠢᠶᠡᠨ ᠦ ᠬᠦᠨᠳᠦᠲᠦ ᠬᠠᠷᠠᠭᠤᠯ

ᠦᠯᠢᠭᠡᠷ ᠵᠢᠱᠢᠶ᠎ᠡ ᠦᠯᠢᠶᠡᠪᠦᠷᠢ ᠨᠠᠢᠢᠷᠠᠯ ᠬᠥᠭ᠍ᠵᠢᠮ ᠦᠨ ᠪᠦᠷᠢᠯᠳᠦᠬᠦᠨ ᠭᠡᠳ ᠨᠡᠢᠢᠲᠡ 2000 ᠭᠠᠷᠤᠢ ᠴᠡᠷᠢᠭ ᠦᠨ ᠠᠯᠪᠠ ᠬᠠᠭᠠᠭᠴᠢ ᠣᠷᠣᠯᠴᠠᠵᠤ ᠪᠠᠢᠢᠭ᠎ᠠ ᠠᠴᠠ 200 ᠣᠷᠴᠢᠮ ᠡᠮᠡᠭᠲᠡᠢ ᠴᠡᠷᠢᠭ ᠦᠨ ᠠᠯᠪᠠ ᠬᠠᠭᠠᠭᠴᠢ᠂ 260 ᠭᠠᠷᠤᠢ ᠬᠤᠭᠤᠴᠠᠭᠠᠳᠤ ᠠᠯᠪᠠᠨ ᠤ ᠲᠦᠷᠦᠭᠦᠴᠢ ᠪᠠᠢᠢᠯᠳᠤᠭᠴᠢ᠂ 200 ᠭᠠᠷᠤᠢ ᠰᠣᠨᠣᠰᠤᠭᠴᠢ ᠴᠡᠷᠢᠭ ᠦᠨ ᠶᠣᠰᠣᠯᠠᠯ ᠤᠨ ᠵᠢᠭ᠌ᠰᠠᠭᠠᠯ ᠳᠤ ᠣᠷᠣᠯᠴᠠᠯ᠎ᠠ᠃