ᠮᠣᠩᠭ᠋ᠤᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠤᠤᠷ ᠠ 《ᠲᠥᠷᠦ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠨᠤᠭᠤᠳ ᠤᠨ ᠴᠢᠭᠤᠯᠭ᠎ᠠ ᠠᠭᠤᠯᠵᠠᠯᠲᠠ》 ᠣᠯᠠᠨ ᠤᠯᠤᠰ ᠤᠨ ᠬᠡᠦᠬᠡᠳ ᠦᠨ 《ᠨᠠᠢᠢᠷᠠᠮᠳᠠᠯ ᠴᠣᠭᠴᠠᠯᠠᠪᠤᠷᠢ》ᠲᠥ ᠪᠣᠯᠵᠤ ᠪᠠᠢᠢᠨ᠎ᠠ᠃
ᠮᠣᠩᠭ᠋ᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭ᠍ᠲᠦ ᠬᠦᠴᠦᠨ ᠦ ᠶᠡᠷᠦᠩᠬᠡᠢ ᠻᠣᠮᠠᠨ᠋ᠳ᠋ᠯᠠᠭᠴᠢ ᠤᠬᠤᠨ᠎ᠠ ᠢᠢᠨ ᠬᠦᠷᠡᠯᠰᠦ᠋ᠬᠡ ᠴᠢᠭᠤᠯᠭ᠎ᠠ ᠠᠭᠤᠯᠵᠠᠯᠲᠠ ᠳᠤ ᠤᠷᠤᠯᠴᠠᠵᠤ᠂ ᠭᠧᠨᠧᠷᠠᠯ᠂ ᠣᠹᠢᠼᠧᠷ᠂ ᠠᠬᠠᠯᠠᠭᠴᠢ᠂ ᠵᠣᠴᠢᠳ ᠲᠦᠯᠦᠭᠡᠯᠡᠭ᠍ᠴᠢᠳ ᠲᠥ ᠠᠮᠵᠢᠯᠲᠠ ᠬᠦᠰᠡᠯ ᠡ᠃
ᠲᠡᠷᠡ ᠪᠡᠷ ᠠᠬᠠᠯᠠᠭᠴᠢᠳ ᠲᠥᠷᠦ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠨᠤᠭᠤᠳ ᠤᠨ ᠦᠨᠳᠦᠰᠦᠨ ᠬᠦᠴᠦ ᠪᠣᠯᠵᠤ᠂ ᠡᠬᠡ ᠣᠷᠤᠨ᠂ ᠲᠥᠷᠦ᠂ ᠠᠷᠠᠳ ᠲᠦᠮᠡᠨ ᠦ ᠪᠡᠨ ᠠᠶᠤᠯ ᠦᠭᠡᠢ ᠪᠠᠢᠢᠳᠠᠯ ᠤᠨ ᠲᠥᠯᠦᠭᠡᠬᠢ ᠡᠭᠦᠷᠭᠡ ᠪᠡᠨ ᠨᠡᠷ ᠡ ᠲᠦᠷᠦ ᠲᠡᠢ ᠪᠡᠶᠡᠯᠡᠭᠦᠯᠵᠦ ᠪᠠᠢᠢᠭ᠎ᠠ ᠢᠢ ᠲᠡᠮᠳᠡᠭᠯᠡᠯ ᠡ᠃
ᠡᠷᠭᠦᠭ᠍ᠰᠡᠨ ᠲᠠᠩᠭ᠋ᠠᠷᠢᠭ ᠲᠠᠭᠠᠨ ᠦᠨᠡᠨᠴᠢ ᠪᠠᠢᠢᠵᠤ᠂ ᠲᠥᠷᠦ ᠢᠢᠨ ᠲᠤᠰᠬᠠᠢ ᠠᠯᠪᠠᠨ ᠤ ᠨᠡᠷ ᠡ ᠬᠦᠨᠳᠦ ᠢᠢ ᠥᠨᠳᠦᠷ ᠲᠥ ᠡᠷᠭᠦᠨ᠂ ᠠᠬᠠᠯᠠᠭᠴᠢ ᠢᠢᠨ ᠮᠠᠩᠯᠠᠢᠢᠯᠠᠯ ᠢ ᠢᠮᠠᠭᠲᠠᠮ ᠳᠡᠭᠡᠳᠦᠯᠡᠬᠦ᠂ ᠮᠡᠷᠭᠡᠰᠢᠭ᠍ᠰᠡᠨ᠂ ᠲᠥᠷᠦ ᠢᠢᠨ ᠴᠢᠳᠠᠪᠤᠷᠢᠯᠢᠭ᠋ ᠲᠤᠰᠬᠠᠢ ᠠᠯᠪᠠ ᠢᠢ ᠪᠡᠬᠢᠵᠢᠭᠦᠯᠬᠦ ᠦᠢᠯᠡᠰ ᠲᠥ ᠬᠤᠪᠢ ᠨᠡᠮᠡᠷᠢ ᠪᠡᠨ ᠣᠷᠤᠭᠤᠯᠵᠤ ᠪᠠᠢᠢᠬᠤ ᠢᠢ ᠵᠠᠬᠢᠯ ᠠ᠃
《ᠲᠥᠷᠦ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠨᠤᠭᠤᠳ ᠤᠨ ᠴᠢᠭᠤᠯᠭ᠎ᠠ ᠠᠭᠤᠯᠵᠠᠯᠲᠠ》 ᠳᠤ 20 ᠮᠢᠩᠭ᠎ᠠ ᠭᠠᠷᠤᠢ ᠠᠬᠠᠯᠠᠭᠴᠢ ᠢᠢᠨ ᠲᠥᠯᠦᠭᠡᠯᠡᠯ ᠪᠣᠯᠤᠭᠰᠠᠨ 1000 ᠭᠠᠷᠤᠢ ᠠᠬᠠᠯᠠᠭᠴᠢ ᠣᠷᠤᠯᠴᠠᠵᠤ ᠪᠠᠢᠢᠨ᠎ᠠ᠃ ᠮᠥᠨ ᠪᠦᠭᠦᠳᠡ ᠨᠠᠢᠢᠷᠠᠮᠳᠠᠬᠤ ᠡᠮᠦᠨᠡᠳᠦ ᠰᠦ᠋ᠳᠠᠨ ᠤᠯᠤᠰ ᠲᠤ ᠨᠢᠭᠡᠳᠦᠭ᠍ᠰᠡᠨ ᠦᠨᠳᠦᠰᠦᠨ ᠦ ᠪᠠᠢᠢᠭᠤᠯᠤᠯᠭ᠎ᠠ ᠢᠢᠨ ᠡ᠊ᠩᠬᠡ ᠢᠢ ᠰᠠᠬᠢᠭᠤᠯᠬᠤ ᠠᠵᠢᠯᠯᠠᠭᠠᠨ ᠳᠤ ᠡᠭᠦᠷᠭᠡ ᠭᠦᠢᠴᠡᠳᠬᠡᠵᠦ ᠪᠤᠢ ᠵᠡᠪᠰᠡᠭᠲᠦ ᠬᠦᠴᠦᠨ ᠦ ᠮᠣᠲ᠋ᠣ᠋ ᠪᠤᠤᠳᠠᠯᠭ᠎ᠠ ᠢᠢᠨ 111 ᠠᠬᠠᠯᠠᠭᠴᠢ ᠴᠠᠬᠢᠮ ᠢᠢᠠᠷ ᠣᠷᠤᠯᠴᠠᠯ ᠠ᠃
ᠲᠥᠯᠦᠭᠡᠯᠡᠭ᠍ᠴᠢᠳ ᠴᠢᠭᠤᠯᠭ᠎ᠠ ᠠᠭᠤᠯᠵᠠᠯᠲᠠ ᠤᠭᠲᠤᠵᠤ ᠬᠢᠭ᠍ᠰᠡᠨ ᠠᠵᠢᠯ᠂ ᠠᠷᠭ᠎ᠠ ᠬᠡᠮᠵᠢᠶᠡᠨ ᠦ ᠳ᠋ᠦᠩ᠂ 《ᠲᠥᠷᠦ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠨᠤᠭᠤᠳ ᠤᠨ ᠴᠢᠭᠤᠯᠭ᠎ᠠ ᠠᠭᠤᠯᠵᠠᠯᠲᠠ》ᠰᠡᠳᠦᠪ ᠲᠥ ᠢᠯᠡᠳᠬᠡᠯ ᠰᠣᠨᠰᠤᠵᠤ᠂ ᠬᠡᠯᠡᠯᠴᠡᠯ ᠡ᠃
ᠵᠡᠪᠰᠡᠭ᠍ᠲᠦ ᠬᠦᠴᠦᠨ ᠦ ᠶᠡᠷᠦᠩᠬᠡᠢ ᠻᠣᠮᠠᠨ᠋ᠳ᠋ᠯᠠᠭᠴᠢ 2023 ᠣᠨ ᠢ 《ᠵᠠᠯᠠᠭᠤ ᠣᠹᠢᠼᠧᠷ ᠤᠳ ᠤᠨ ᠮᠠᠩᠯᠠᠢᠢᠯᠠᠯ ᠤᠨ ᠵᠢᠯ》᠂ ᠡᠨᠡ ᠣᠨ ᠢ《ᠲᠥᠷᠦ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠢᠢᠨ ᠠᠬᠠᠯᠠᠭᠴᠢᠳ ᠤᠨ ᠵᠢᠯ》 ᠪᠣᠯᠭᠠᠨ ᠵᠠᠷᠯᠠᠭᠰᠠᠨ᠃ ᠡᠨᠡ ᠬᠦᠷᠢᠶᠡᠨ ᠳᠥ ᠬᠢᠵᠦ ᠬᠡᠷᠡᠭᠵᠢᠭᠦᠯᠦᠭ᠍ᠰᠡᠨ ᠠᠵᠢᠯ ᠡᠮᠦᠨᠡᠬᠢ ᠵᠢᠯ ᠦᠳ ᠡᠴᠡ ᠬᠣᠶᠠᠷ ᠲᠠᠬᠢᠨ ᠦᠰᠴᠡᠢ᠃
ᠦᠩᠭᠡᠷᠡᠭ᠍ᠰᠡᠨ ᠭᠤᠷᠪᠠᠨ ᠵᠢᠯ ᠳᠥ ᠬᠣᠯᠪᠤᠭᠳᠠᠬᠤ ᠬᠠᠤᠯᠢ ᠨᠤᠭᠤᠳ ᠲᠤ ᠨᠡᠮᠡᠯᠲᠡ ᠥᠭᠡᠷᠡᠴᠢᠯᠡᠯᠲᠡ ᠣᠷᠤᠭᠤᠯᠤᠭᠰᠠᠨ ᠢᠢᠠᠷ ᠲᠥᠷᠦ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠨᠤᠭᠤᠳ ᠤᠨ ᠡᠷᠬᠡ ᠵᠦᠢ ᠢᠢᠨ ᠣᠷᠴᠢᠨ᠂ ᠠᠯᠪᠠ ᠬᠠᠭᠠᠭᠴᠢᠳ ᠤᠨ ᠨᠡᠢᠢᠭᠡᠮ ᠦᠨ ᠪᠠᠲᠤᠯᠠᠭ᠎ᠠ ᠰᠠᠢᠢᠵᠢᠷᠠᠭᠰᠠᠨ ᠪᠠᠢᠢᠨ᠎ᠠ᠃
ᠭᠡᠬᠦ ᠳᠡᠭᠡᠨ ᠲᠤᠯᠭᠠᠮᠳᠠᠭᠰᠠᠨ᠂ ᠰᠢᠢᠳᠦᠯ ᠢᠢᠡᠨ ᠬᠦᠯᠢᠶᠡᠵᠦ ᠪᠠᠢᠢᠭ᠎ᠠ ᠠᠰᠠᠭᠤᠳᠠᠯ ᠴᠥᠭᠡᠨ ᠦᠭᠡᠢ ᠪᠠᠢᠢᠭ᠎ᠠ ᠢᠢ ᠮᠣᠩᠭ᠋ᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭ᠍ᠲᠦ ᠬᠦᠴᠦᠨ ᠦ ᠶᠡᠷᠦᠩᠬᠡᠢ ᠻᠣᠮᠠᠨ᠋ᠳ᠋ᠯᠠᠭᠴᠢ ᠬᠡᠯᠡᠵᠦ᠂ ᠰᠠᠢᠢᠳ᠂ ᠬᠣᠯᠪᠤᠭᠳᠠᠬᠤ ᠠᠯᠪᠠᠨ ᠲᠤᠰᠢᠶᠠᠯᠲᠠᠨ ᠨᠤᠭᠤᠳ ᠲᠤ ᠡᠭᠦᠷᠭᠡ᠂ ᠴᠢᠭᠯᠡᠯ ᠥᠭ᠍ᠭᠦᠯ ᠡ᠃
ᠶᠠᠭᠤᠨ ᠤ ᠡᠮᠦᠨ᠎ᠡ ᠠᠬᠠᠯᠠᠭᠴᠢ ᠢᠢᠨ ᠪᠦᠷᠢᠯᠳᠦᠬᠦᠨ ᠦ 28 ᠬᠤᠪᠢ ᠨᠢ ᠲᠦᠷᠢᠶᠡᠰᠦ ᠢᠢᠨ ᠪᠠᠢᠢᠷᠢ ᠪᠣᠯᠤᠨ ᠠᠢᠢᠯ ᠳᠤ ᠠᠮᠢᠳᠤᠷᠠᠵᠤ᠂ ᠠᠯᠪᠠᠨ ᠲᠤᠰᠢᠶᠠᠯ ᠤᠨ ᠣᠷᠤᠨ ᠰᠠᠭᠤᠴᠠ ᠢᠢᠨ ᠬᠠᠩᠭ᠋ᠠᠯᠲᠠ ᠬᠢᠯᠢ ᠢᠢᠨ ᠴᠡᠷᠢᠭ ᠡᠴᠡ ᠪᠤᠰᠤᠳ ᠪᠠᠢᠢᠭᠤᠯᠤᠯᠭ᠎ᠠ ᠳᠤ ᠳᠥᠩᠭᠡᠵᠢ ᠳᠣᠯᠤᠭᠠᠨ ᠬᠤᠪᠢ ᠲᠠᠢ ᠪᠠᠢᠢᠭᠠᠳ ᠣᠨᠴᠤᠭᠤᠢ ᠠᠩᠬᠠᠷᠬᠤ ᠶᠤᠰᠤᠲᠠᠢ ᠢᠢ ᠰᠠᠨᠠᠭᠤᠯᠤᠯ ᠠ᠃
ᠠᠬᠠᠯᠠᠭᠴᠢᠳ ᠢᠳᠡ ᠬᠢᠵᠦ ᠪᠦᠲᠦᠭᠡᠬᠦ ᠨᠠᠰᠤᠨ ᠳᠠᠭᠠᠨ ᠪᠤᠶᠤ ᠳᠤᠮᠳᠠᠵᠢ ᠪᠠᠷ 41 ᠨᠠᠰᠤᠨ ᠳᠠᠭᠠᠨ ᠴᠡᠷᠢᠭ ᠦᠨ ᠲᠡᠳᠬᠦᠪᠦᠷᠢ ᠲᠣᠭᠲᠠᠭᠠᠯᠭᠠᠳᠠᠭ᠃
ᠮᠡᠳᠡᠯᠭᠡ᠂ ᠤᠷ ᠠ ᠴᠢᠳᠠᠪᠤᠷᠢ᠂ ᠲᠤᠷᠰᠢᠯᠭ᠎ᠠ ᠢᠢ ᠪᠦᠷᠢᠨ ᠠᠰᠢᠭᠯᠠᠬᠤ᠂ ᠦᠢᠯᠡᠳᠪᠦᠷᠢ᠂ ᠪᠦᠲᠦᠭᠡᠨ ᠪᠠᠢᠢᠭᠤᠯᠤᠯᠲᠠ᠂ ᠠᠵᠤ ᠠᠬᠤᠢ ᠢᠢᠨ ᠰᠠᠯᠪᠤᠷᠢ ᠳᠤ ᠰᠢᠯᠵᠢᠨ ᠠᠵᠢᠯᠯᠠᠬᠤ ᠨᠥᠬᠦᠴᠡᠯ ᠢᠢ ᠪᠦᠷᠢᠳᠦᠭᠦᠯᠬᠦ ᠳᠦ ᠴᠢᠭᠯᠡᠭᠰᠡᠨ ᠪᠣᠳᠤᠯᠭ᠎ᠠ᠂ ᠦᠢᠯᠡ ᠠᠵᠢᠯᠯᠠᠭ᠎ᠠ ᠦᠷ ᠡ ᠳ᠋ᠦᠩ ᠲᠡᠢ ᠬᠡᠷᠡᠭᠵᠢᠭᠦᠯᠬᠦ ᠱᠠᠭᠠᠷᠳᠠᠯᠭ᠎ᠠ ᠲᠠᠢ ᠢᠢ ᠶᠡᠷᠦᠩᠬᠡᠢᠢᠯᠡᠭᠴᠢ ᠬᠡᠯᠡᠯ ᠡ᠃
ᠰᠢᠨ᠎ᠠ ᠪᠣᠯᠤᠨ ᠰᠠᠢᠢᠵᠢᠷᠠᠭᠤᠯᠤᠭᠰᠠᠨ ᠵᠡᠪᠰᠡᠭ᠂ ᠲᠧᠭᠨᠢᠭ᠂ ᠳ᠋ᠷᠣᠨ᠂ ᠮᠡᠳᠡᠭᠡᠯᠡᠯ ᠦᠨ ᠲᠧᠭᠨᠣᠯᠣᠭᠢ᠂ ᠻᠢᠪᠧᠷ ᠠᠶᠤᠯ ᠦᠭᠡᠢ ᠪᠠᠢᠢᠳᠠᠯ ᠤᠨ ᠮᠡᠷᠭᠡᠵᠢᠯᠲᠡᠨ – ᠠᠬᠠᠯᠠᠭᠴᠢ ᠪᠡᠯᠡᠳᠬᠡᠬᠦ᠂ ᠵᠡᠪᠰᠡᠭᠯᠡᠯ᠂ ᠲᠧᠭᠨᠢᠭ ᠦᠨ ᠨᠠᠷᠢᠨ ᠮᠡᠷᠭᠡᠵᠢᠯ ᠲᠡᠢ ᠪᠣᠯᠤᠨ ᠭᠠᠳᠠᠭᠠᠳᠤ ᠬᠡᠯᠡ᠂ ᠪᠡᠶ ᠡ ᠪᠢᠯᠳᠠᠷ ᠤᠨ ᠥᠨᠳᠦᠷ ᠪᠡᠯᠡᠳᠬᠡᠯ ᠲᠡᠢ ᠠᠯᠪᠠ ᠬᠠᠭᠠᠭᠴᠢᠳ ᠲᠤ ᠴᠠᠯᠢᠩ ᠤᠨ ᠨᠡᠮᠡᠭᠳᠡᠯ ᠣᠯᠭᠤᠬᠤ ᠲᠠᠯ ᠠ ᠪᠠᠷ ᠰᠤᠳᠤᠯᠵᠤ᠂ ᠰᠢᠢᠳᠪᠦᠷᠢᠯᠡᠬᠦ ᠢᠢ ᠬᠣᠯᠪᠤᠭᠳᠠᠬᠤ ᠰᠠᠢᠢᠳ ᠨᠠᠷ ᠲᠤ ᠴᠢᠭᠯᠡᠯ ᠪᠣᠯᠭᠠᠪᠠ᠃
ᠢᠯᠠᠩᠭᠤᠶ ᠠ ᠠᠯᠪᠠ ᠬᠠᠭᠠᠬᠤ ᠣᠷᠴᠢᠨ ᠨᠥᠬᠦᠴᠡᠯ᠂ ᠤᠳᠤᠷᠢᠳᠬᠤ ᠪᠦᠷᠢᠯᠳᠦᠬᠦᠨ ᠦ ᠠᠷᠭ᠎ᠠ ᠪᠠᠷᠢᠯ᠂ ᠴᠠᠯᠢᠩ ᠬᠠᠩᠭ᠋ᠠᠮᠵᠢ ᠢᠢᠨ ᠢᠯᠭᠠᠭ᠎ᠠ ᠲᠠᠢ ᠪᠠᠢᠢᠳᠠᠯ ᠠᠴᠠ ᠰᠢᠯᠲᠠᠭᠠᠯᠠᠨ ᠲᠤᠷᠰᠢᠯᠭ᠎ᠠ ᠲᠠᠢ᠂ ᠮᠡᠷᠭᠡᠰᠢᠭ᠍ᠰᠡᠨ ᠠᠬᠠᠯᠠᠭᠴᠢᠳ ᠠᠯᠪᠠ ᠪᠠᠨ ᠣᠷᠬᠢᠬᠤ ᠶᠣᠰᠤ ᠦᠭᠡᠢ ᠢᠢ ᠣᠨᠴᠤᠭᠤᠢ ᠠᠩᠭᠠᠷᠤᠭᠤᠯᠤᠯ ᠠ᠃
ᠮᠣᠩᠭ᠋ᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭ᠍ᠲᠦ ᠬᠦᠴᠦᠨ ᠦ ᠶᠡᠷᠦᠩᠬᠡᠢ ᠻᠣᠮᠠᠨ᠋ᠳ᠋ᠯᠠᠭᠴᠢ ᠤᠬᠤᠨ᠎ᠠ ᠢᠢᠨ ᠬᠦᠷᠡᠯᠰᠦ᠋ᠬᠡ ᠰᠢᠯᠢᠳᠡᠭ ᠠᠬᠠᠯᠠᠭᠴᠢᠳ ᠲᠤ ᠱᠠᠩᠨᠠᠯ ᠭᠠᠷᠳᠠᠭᠤᠯᠵᠤ᠂ ᠪᠠᠶᠠᠷ ᠬᠦᠷᠭᠡᠯ ᠡ᠃
《ᠰᠢᠯᠢᠳᠡᠭ ᠪᠦᠯᠦᠭ ᠰᠢᠯᠭᠠᠷᠠᠭᠤᠯᠬᠤ ᠲᠡᠮᠡᠴᠡᠭᠡᠨ》᠄
ᠲᠡᠢᠭᠦᠨ ᠪᠠᠢᠢᠷᠢ – ᠲᠡᠷᠢᠭᠦᠨ ᠠᠬᠠᠯᠠᠭᠴᠢ ᠨ᠊᠂ ᠪᠠᠲᠤᠲᠡᠮᠦᠷ ᠳᠠᠰᠬᠠᠯᠵᠢᠭᠤᠯᠭᠤᠭᠴᠢ ᠲᠠᠢ᠂ ᠠᠬᠠᠯᠠᠬᠤ ᠠᠬᠠᠯᠠᠭᠴᠢ ᠬ᠂ ᠠᠩᠬᠠᠪᠠᠶᠠᠷ ᠳᠠᠷᠤᠭ᠎ᠠ ᠲᠠᠢ ᠵᠡᠪᠰᠡᠭᠲᠦ ᠬᠦᠴᠦᠨ ᠦ ᠪᠦᠯᠦᠭ᠂
ᠳᠡᠳ᠋ ᠪᠠᠢᠢᠷᠢ – ᠲᠡᠷᠢᠭᠦᠨ ᠠᠬᠠᠯᠠᠭᠴᠢ ᠮ᠊᠂ ᠭᠠᠩᠰᠦ᠋ᠬᠡ ᠳᠠᠰᠬᠠᠯᠵᠢᠭᠤᠯᠭᠤᠭᠴᠢ ᠲᠠᠢ᠂ ᠠᠬᠠᠯᠠᠬᠤ ᠠᠬᠠᠯᠠᠭᠴᠢ ᠣ᠊᠂ ᠭᠠᠩᠳᠤᠯᠭ᠎ᠠ ᠳᠠᠷᠤᠭ᠎ᠠ ᠲᠠᠢ ᠪᠠᠲᠤᠯᠠᠨ ᠬᠠᠮᠠᠭᠠᠯᠠᠬᠤ ᠶᠠᠮᠤᠨ ᠤ ᠪᠦᠯᠦᠭ᠂
ᠭᠤᠲᠠᠭᠠᠷ ᠪᠠᠢᠢᠷᠢ – ᠠᠬᠠᠯᠠᠳ ᠪ᠊᠂ ᠵᠢᠷᠭᠠᠯᠰᠠᠢᠢᠬᠠᠨ ᠳᠠᠰᠬᠠᠯᠵᠢᠭᠤᠯᠭᠤᠭᠴᠢ ᠲᠠᠢ᠂ ᠠᠬᠠᠯᠠᠬᠤ ᠠᠬᠠᠯᠠᠭᠴᠢ ᠡ᠊᠂ ᠪᠠᠲᠤᠨᠢᠮ ᠠ ᠳᠠᠷᠤᠭ᠎ᠠ ᠲᠠᠢ ᠰᠢᠭᠦᠬᠦ ᠢᠢᠨ ᠰᠢᠢᠳᠪᠦᠷᠢ ᠭᠦᠢᠴᠡᠳᠬᠡᠬᠦ ᠶᠡᠷᠦᠩᠬᠡᠢ ᠭᠠᠵᠠᠷ ᠤᠨ ᠪᠦᠯᠦᠭ ᠰᠢᠯᠭᠠᠷᠠᠵᠡᠢ᠃
《ᠰᠢᠨ᠎ᠡ ᠢᠢ ᠰᠠᠨᠠᠭᠠᠯᠠᠭᠴᠢ – ᠪᠦᠲᠦᠭᠡᠯᠴᠢ ᠠᠬᠠᠯᠠᠭᠴᠢ》ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠰᠢᠯᠢᠳᠡᠭ ᠪᠦᠲᠦᠭᠡᠯ ᠰᠢᠯᠭᠠᠷᠠᠭᠤᠯᠬᠤ ᠤᠷᠤᠯᠳᠠᠭᠠᠨ᠄
ᠲᠡᠢᠭᠦᠨ ᠪᠠᠢᠢᠷᠢ – ᠴᠠᠭᠳᠠᠭ᠎ᠠ ᠢᠢᠨ ᠶᠡᠷᠦᠩᠬᠡᠢ ᠭᠠᠵᠠᠷ ᠤᠨ ᠡᠷᠡᠷᠭᠢᠭᠦᠯ ᠬᠠᠮᠠᠭᠠᠯᠠᠯᠲᠠ ᠢᠢᠨ ᠴᠠᠭᠳᠠᠭ᠎ᠠ᠂ ᠴᠠᠭᠳᠠᠭ᠎ᠠ ᠢᠢᠨ ᠳᠡᠳ᠋ ᠠᠬᠠᠯᠠᠭᠴᠢ ᠲ᠌᠊᠂ ᠨᠠᠷᠠᠨᠪᠠᠭᠠᠲᠤᠷ ᠤᠨ 《ᠰᠮᠠᠷᠲ᠋ ᠴᠢᠫ》ᠲᠥᠬᠦᠭᠡᠷᠦᠮᠵᠢ᠂
ᠳᠡᠳ᠋ ᠪᠠᠢᠢᠷᠢ – ᠣᠨᠴᠤᠭᠠᠢ ᠪᠠᠢᠢᠳᠠᠯ ᠤᠨ ᠶᠡᠷᠦᠩᠬᠡᠢ ᠭᠠᠵᠠᠷ ᠤᠨ 18 ᠳᠤᠭᠠᠷ ᠠᠩᠭᠢ ᠢᠢᠨ ᠠᠬᠠᠯᠠᠭᠴᠢ ᠭ᠂ ᠦᠰᠬᠦᠪᠠᠶᠠᠷ ᠤᠨ 《ᠠᠦ᠋ᠲ᠋ᠣ᠋ ᠮᠠᠱᠢᠨ ᠵᠦᠭᠡᠭᠡᠪᠦᠷᠢᠯᠡᠨ ᠬᠣᠯᠠᠳᠠᠭᠤᠯᠬᠤ ᠲᠥᠬᠦᠭᠡᠷᠦᠮᠵᠢ》᠂
ᠭᠤᠲᠠᠭᠠᠷ ᠪᠠᠢᠢᠷᠢ – ᠵᠡᠪᠰᠡᠭᠲᠦ ᠬᠦᠴᠦᠨ ᠦ 011 ᠳᠤᠭᠡᠷ ᠠᠩᠭᠢ ᠢᠢᠨ ᠠᠬᠠᠯᠠᠬᠤ ᠠᠬᠠᠯᠠᠭᠴᠢ ᠴ᠂ ᠪᠠᠶᠠᠷᠬᠦ᠋ᠦ ᠢᠢᠨ 《ᠳᠠᠯᠳᠠᠯᠠᠯᠲᠠ ᠠᠷᠤ ᠠᠴᠠ ᠪᠤᠤᠳᠠᠯᠭ᠎ᠠ ᠬᠢᠬᠦ ᠲᠥᠬᠦᠭᠡᠷᠦᠮᠵᠢ》ᠰᠢᠯᠭᠠᠷᠠᠭᠰᠠᠨ ᠪᠠᠢᠢᠨ᠎ᠠ᠃
ᠮᠣᠩᠭ᠋ᠤᠯ ᠤᠯᠤᠰ ᠲᠤ ᠴᠤᠯᠠ ᠢᠢ 1942 ᠣᠨ ᠠᠴᠠ ᠣᠯᠭᠤᠵᠤ ᠡᠬᠢᠯᠡᠭᠰᠡᠨ ᠲᠡᠦᠬᠡ ᠲᠡᠢ ᠶᠤᠮ᠃