Та "Internet explorer"-ийн сүүлийн хувилбар болох "Microsoft edge"-г ашиглана уу

Хэрэв "Microsoft edge"-г татах бол энд дарж татаж авна уу

ᠮᠣᠩᠭᠤᠯ ᠤᠯᠤᠰ ᠤᠨ ᠶᠡᠷᠦᠩᠬᠡᠢᠢᠯᠡᠭᠴᠢ ᠤ‍᠂ ᠬᠦᠷᠡᠯᠰᠦ᠋ᠬᠡ᠂ ᠣᠷᠤᠰ ᠤᠨ ᠬᠣᠯᠪᠤᠭᠠᠨ ᠤ ᠤᠯᠤᠰ ᠤᠨ ᠶᠡᠷᠦᠩᠬᠡᠢᠢᠯᠡᠭᠴᠢ ᠸᠯᠠ᠊᠂ ᠸᠯᠠ᠊᠂ ᠫᠦᠲ᠋ᠢᠨ ᠨᠠᠷ ᠬᠡᠯᠡᠯᠴᠡᠭᠡ ᠬᠢᠪᠡ

ᠣᠷᠤᠰ ᠤᠨ ᠬᠣᠯᠪᠤᠭᠠᠨ ᠤ ᠤᠯᠤᠰ ᠤᠨ ᠶᠡᠷᠦᠩᠬᠡᠢᠢᠯᠡᠭᠴᠢ ᠸᠯᠠ᠊ᠳᠢᠮᠢᠷ ᠸᠯᠠᠳᠢᠮᠢᠷᠣᠸᠢᠴ ᠫᠦᠲ᠋ᠢᠨ ᠤ ᠮᠣᠩᠭ᠋ᠤᠯ ᠤᠯᠤᠰ ᠲᠤ ᠬᠢᠵᠦ ᠪᠤᠢ ᠠᠯᠪᠠᠨ ᠶᠣᠰᠤᠨ ᠤ ᠠᠢᠢᠯᠴᠢᠯᠠᠯ ᠦᠷᠭᠦᠯᠵᠢᠯᠡᠵᠦ ᠪᠠᠢᠢᠨ᠎ᠠ᠃

ᠶᠡᠷᠦᠩᠬᠡᠢᠢᠯᠡᠭᠴᠢ ᠤ‍᠂ ᠬᠦᠷᠡᠯᠰᠦ᠋ᠬᠡ᠂ ᠶᠡᠷᠦᠩᠬᠡᠢᠢᠯᠡᠭᠴᠢ ᠸᠯᠠ᠊᠂ ᠸᠯᠠ᠊᠂ ᠫᠦᠲ᠋ᠢᠨ ᠨᠠᠷ ᠲᠥᠷᠦ ᠢᠢᠨ ᠣᠷᠳᠤᠨ ᠳᠤ ᠠᠯᠪᠠᠨ ᠶᠣᠰᠤᠨ ᠤ ᠬᠡᠯᠡᠯᠴᠡᠭᠡ ᠬᠢᠯ ᠡ᠃

ᠶᠡᠷᠦᠩᠬᠡᠢᠢᠯᠡᠭᠴᠢ ᠤ‍᠂ ᠬᠦᠷᠡᠯᠰᠦ᠋ᠬᠡ ᠣᠷᠤᠰ ᠤᠨ ᠬᠣᠯᠪᠤᠭᠠᠨ ᠤ ᠤᠯᠤᠰ ᠤᠨ ᠶᠡᠷᠦᠩᠬᠡᠢᠢᠯᠡᠭᠴᠢ ᠸᠯᠠ᠊᠂ ᠸᠯᠠ᠊᠂ ᠫᠦᠲ᠋ᠢᠨ ᠢ ᠬᠠᠯᠬ ᠠ ᠭᠣᠣᠯ ᠤᠨ ᠪᠠᠢᠢᠯᠳᠤᠭᠠᠨ ᠳᠤ ᠢᠯᠠᠯᠲᠠ ᠢᠢᠨ 85᠂ ᠮᠣᠩᠭ᠋ᠤᠯ᠂ ᠣᠷᠤᠰ ᠤᠨ《ᠤᠯᠠᠭᠠᠨᠪᠠᠭᠠᠲᠤᠷ ᠲᠡᠮᠦᠷ ᠵᠠᠮ》ᠬᠤᠪᠢ ᠨᠡᠢᠢᠯᠡᠭᠦᠯᠦᠭᠰᠠᠨ ᠨᠡᠢᠢᠭᠡᠨᠯᠢᠭ᠌ ᠡᠭᠦᠰᠦᠨ ᠪᠠᠢᠢᠭᠤᠯᠤᠭᠳᠠᠭᠰᠠᠨ ᠤ 75 ᠵᠢᠯ᠂ ᠬᠣᠶᠠᠷ ᠣᠷᠤᠨ ᠤ ᠬᠣᠭᠤᠷᠤᠨᠳᠤ ᠳ᠋ᠢᠫᠯᠣᠮᠠᠲ᠋ ᠬᠠᠷᠢᠯᠴᠠᠭ᠎ᠠ ᠲᠣᠭᠲᠠᠭᠠᠭᠰᠠᠨ ᠤ ᠲᠡᠦᠬᠡᠲᠦ 100 ᠵᠢᠯ ‍ᠦᠨ ᠣᠶ ᠢᠢ ᠦᠷᠭᠦᠯᠵᠢᠯᠡᠭᠦᠯᠦᠨ ᠲᠡᠮᠳᠡᠭᠯᠡᠬᠦ ᠬᠦᠷᠢᠶᠡᠨ ᠳᠥ ᠠᠯᠪᠠᠨ ᠶᠣᠰᠤ ᠪᠠᠷ ᠠᠢᠢᠯᠴᠢᠯᠠᠵᠤ ᠪᠠᠢᠢᠭᠠᠳ ᠲᠠᠯᠠᠷᠬᠠᠯ ᠢᠯᠡᠷᠬᠡᠢᠢᠯᠡᠪᠡ᠃

ᠬᠣᠶᠠᠷ ᠤᠯᠤᠰ ᠤᠨ ᠲᠥᠷᠦ ᠢᠢᠨ ᠲᠡᠷᠢᠭᠦᠨ ᠬᠠᠷᠢᠯᠴᠠᠭ᠎ᠠ᠂ ᠬᠠᠮᠲᠤ ᠢᠢᠨ ᠠᠵᠢᠯᠯᠠᠭᠠᠨ ᠤ ᠥᠨᠦ ᠢᠢᠨ ᠪᠠᠢᠢᠳᠠᠯ ᠢ ᠳ᠋ᠦᠩᠨᠠᠵᠦ᠂ ᠬᠠᠮᠲᠤ ᠢᠢᠨ ᠠᠵᠢᠯᠯᠠᠭ᠎ᠠ ᠢᠢ ᠡᠳ᠋ ‍ᠦᠨ ᠵᠠᠰᠠᠭ ᠤᠨ ᠠᠭᠤᠯᠭ᠎ᠠ ᠪᠠᠷ ᠪᠠᠶᠠᠵᠢᠭᠤᠯᠬᠤ᠂ ᠲᠡᠬᠦᠨ ‍ᠦ ᠳᠣᠲᠤᠷ ᠠ ᠲᠦᠯᠲᠦᠯᠡᠰᠢ᠂ ᠡᠷᠴᠢᠮ ᠬᠦᠴᠦ᠂ ᠵᠠᠮ ᠲᠡᠭᠡᠭᠡᠪᠦᠷᠢ᠂ ᠪᠠᠢᠢᠭᠠᠯᠢ ᠣᠷᠴᠢᠨ᠂ ᠰᠣᠶᠤᠯ᠂ ᠪᠣᠯᠪᠠᠰᠤᠷᠠᠯ᠂ ᠡᠷᠡᠭᠦᠯ ᠮᠡᠨᠳᠦ᠂ ᠬᠦᠮᠦᠨᠯᠢᠭ ‍ᠦᠨ ᠰᠠᠯᠪᠤᠷᠢ ᠢᠢᠨ ᠬᠠᠷᠢᠯᠴᠠᠭ᠎ᠠ ᠢᠢ ᠤᠯᠠᠮ ᠪᠦᠷᠢ ᠡᠷᠴᠢᠮᠵᠢᠭᠦᠯᠬᠦ ᠲᠠᠯ ᠠ ᠪᠠᠷ ᠶᠠᠷᠢᠯᠴᠠᠯ ᠠ᠃

ᠠᠢᠢᠯᠴᠢᠯᠠᠯ ᠤᠨ ᠬᠦᠷᠢᠶᠡᠨ ᠳᠥ ᠭᠠᠵᠠᠷ ᠤᠨ ᠲᠣᠰᠤᠨ ᠤ ᠪᠦᠲᠦᠭᠡᠭ᠍ᠳᠡᠬᠦᠨ ᠨᠡᠢᠢᠯᠡᠭᠦᠯᠬᠦ ᠰᠠᠯᠪᠤᠷᠢ ᠳᠤ ᠬᠠᠮᠲᠤᠷᠠᠨ ᠠᠵᠢᠯᠯᠠᠬᠤ ᠲᠤᠬᠠᠢ᠂ ᠳᠤᠯᠠᠭᠠᠨ ᠤ ᠭᠤᠷᠪᠠᠳᠤᠭᠠᠷ ᠴᠠᠬᠢᠯᠭᠠᠨ ᠰᠲ᠋ᠠᠨ᠋ᠴᠢ ᠢᠢᠨ ᠥᠷᠭᠡᠳᠬᠡᠯ᠂ ᠰᠢᠨᠡᠴᠢᠯᠡᠯ ‍ᠦᠨ ᠲᠥᠰᠦᠯ ‍ᠦᠨ ᠵᠢᠷᠤᠭ ᠲᠥᠰᠦᠯ᠂ ᠲᠥᠰᠦᠪ ᠪᠣᠯᠪᠠᠰᠤᠷᠠᠭᠤᠯᠬᠤ ᠲᠤᠬᠠᠢ ᠵᠠᠰᠠᠭ ᠤᠨ ᠭᠠᠵᠠᠷ ᠬᠣᠭᠤᠷᠤᠨᠳᠤ ᠢᠢᠨ ᠬᠡᠯᠡᠯᠴᠡᠭᠡᠷ ᠪᠠᠢᠢᠭᠤᠯᠵᠤ ᠪᠠᠢᠢᠭ᠎ ᠠ ᠢᠢ ᠰᠠᠢᠢᠰᠢᠶᠠᠨ ᠲᠡᠮᠳᠡᠭᠯᠡᠪᠡ᠃

ᠬᠡᠯᠡᠯᠴᠡᠭᠡᠨ ‍ᠦ ᠦᠶ ᠡ ᠪᠡᠷ ᠶᠡᠷᠦᠩᠬᠡᠢᠢᠯᠡᠭᠴᠢ ᠤ‍᠂ ᠬᠦᠷᠡᠯᠰᠦ᠋ᠬᠡ 《ᠡᠭ ‍ᠦᠨ ᠭᠣᠣᠯ ᠤᠨ ᠤᠰᠤᠨ ᠴᠠᠬᠢᠯᠭᠠᠨ ᠰᠲ᠋ᠠᠨ᠋ᠼᠢ》 ᠢᠢ ᠪᠠᠷᠢᠬᠤ ᠠᠵᠢᠯ ᠬᠣᠶᠠᠷ ᠲᠠᠯ ᠠ ᠢᠢᠨ ᠬᠦᠴᠦᠨ ᠴᠢᠷᠮᠠᠢᠢᠯᠲᠠ ᠢᠢᠨ ᠦᠷ ᠡ ᠳ᠋ᠦᠩ ‍ᠳᠥ ᠤᠷᠤᠭᠰᠢᠯᠠᠵᠤ ᠪᠠᠢᠢᠭ᠎ᠠ ᠢᠢ ᠲᠡᠮᠳᠡᠭᠯᠡᠭᠡᠳ᠂ ᠡᠭ ‍ᠦᠨ ᠭᠣᠣᠯ ᠤᠨ ᠲᠥᠰᠦᠯ ‍ᠢᠢ ᠣᠨᠴᠤᠭᠤᠢᠢᠯᠠᠨ ᠠᠩᠬᠠᠷᠴᠤ᠂ ᠪᠠᠢᠢᠭᠠᠯᠢ ᠣᠷᠴᠢᠨ ᠤ ᠦᠨᠡᠯᠡᠭᠨ ‍ᠦ ᠠᠰᠠᠭᠤᠳᠠᠯ ᠢ ᠴᠣᠭᠴᠠ ᠪᠠᠷ ᠨᠢ ᠠᠪᠴᠤ ᠦᠵᠡᠬᠦ ᠢᠢᠨ ᠲᠤᠯᠠᠳᠠ ᠬᠣᠶᠠᠷ ᠲᠠᠯ ᠠ ᠢᠢᠨ ᠠᠵᠢᠯ ᠤᠨ ᠬᠡᠰᠡᠭ ᠢ ᠪᠠᠢᠢᠭᠤᠯᠬᠤ ᠪᠠᠷ ᠲᠣᠬᠢᠷᠠᠯᠴᠠᠵᠤ᠂ ᠰᠠᠨᠠᠮᠵᠢ ᠪᠢᠴᠢᠭ᠌ ᠪᠠᠢᠢᠭᠤᠯᠵᠤ ᠪᠠᠢᠢᠭ᠎ᠠ ᠢᠢ ᠥᠨᠳᠦᠷ ᠢᠢᠡᠷ ᠦᠨᠡᠯᠡᠪᠡ᠃

ᠡᠨᠡ ᠣᠨ ᠤ ᠰᠡᠭᠦᠯ ᠢᠢᠡᠷ ᠮᠣᠩᠭ᠋ᠤᠯ ᠤᠯᠤᠰ᠂ ᠧᠦ᠋ᠷᠠᠽᠢ ᠢᠢᠨ ᠡᠳ᠋ ‍ᠦᠨ ᠵᠠᠰᠠᠭ ᠤᠨ ᠬᠣᠯᠪᠤᠭ᠎ᠠ ᠬᠣᠭᠤᠷᠤᠨᠳᠤ ᠪᠠᠢᠢᠭᠤᠯᠬᠤ ᠴᠢᠯᠦᠭᠡᠲᠦ ᠬᠤᠳᠠᠯᠳᠤᠭᠠᠨ ᠤ ᠲᠦᠷ ᠬᠡᠯᠡᠯᠴᠡᠭᠡᠷ᠂ ᠬᠤᠳᠠᠯᠳᠤᠭᠠᠨ ᠤ ᠡᠷᠬᠡ ᠵᠦᠢ ᠢᠢᠨ ᠣᠷᠴᠢᠨ ᠢ ᠲᠡᠯᠡᠵᠦ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠬᠦ ᠰᠢᠨ᠎ᠡ ᠪᠣᠯᠤᠮᠵᠢ ᠪᠤᠢ ᠪᠣᠯᠭᠠᠨ᠎ᠠ ᠭᠡᠵᠦ ᠢᠲᠡᠭᠡᠵᠦ ᠪᠠᠢᠢᠭ᠎ᠠ ᠪᠠᠨ ᠲᠠᠯ ᠠ ᠨᠤᠭᠤᠳ ᠢᠯᠡᠷᠬᠡᠢᠢᠯᠡᠪᠡ᠃

ᠮᠣᠩᠭ᠋ᠤᠯ᠂ ᠣᠷᠤᠰ᠂ ᠬᠢᠲᠠᠳ ᠤᠨ ᠡᠳ᠋ ‍ᠦᠨ ᠵᠠᠰᠠᠭ ᠤᠨ ᠻᠣᠷᠢᠳᠣᠷ ᠪᠠᠢᠢᠭᠤᠯᠬᠤ ᠠᠵᠢᠯ ᠢ ᠡᠷᠴᠢᠮᠵᠢᠭᠦᠯᠬᠦ ᠨᠢ ᠴᠢᠬᠤᠯᠠ ᠭᠡᠳᠡᠭ ᠲᠥ ᠲᠠᠯ ᠠ ᠨᠤᠭᠤᠳ ᠰᠠᠨᠠᠯ ᠨᠢᠭᠡᠳᠴᠦ᠂ ᠭᠤᠷᠪᠠᠨ ᠤᠯᠤᠰ ᠤᠨ ᠬᠣᠯᠪᠤᠭᠳᠠᠬᠤ ᠪᠠᠢᠢᠭᠤᠯᠤᠯᠭ᠎ ᠠ ᠨᠤᠭᠤᠳ ᠬᠣᠯᠪᠤᠭᠳᠠᠬᠤ ᠲᠥᠰᠦᠯ ‍ᠦᠳ ᠢ ᠴᠠᠭ ᠦᠶ ᠡ ᠢᠢᠨ ᠬᠡᠷᠡᠭᠴᠡᠭᠡ᠂ ᠱᠠᠭᠠᠷᠳᠠᠯᠭ᠎ᠠ ᠳᠤ ᠨᠡᠢᠢᠴᠡᠭᠦᠯᠦᠨ ᠰᠢᠨᠡᠴᠢᠯᠡᠵᠦ ᠪᠤᠢ ᠢᠢ ᠰᠠᠢᠢᠰᠢᠶᠠᠨ ᠲᠡᠮᠳᠡᠭᠯᠡᠯ ᠡ᠃