Та "Internet explorer"-ийн сүүлийн хувилбар болох "Microsoft edge"-г ашиглана уу

Хэрэв "Microsoft edge"-г татах бол энд дарж татаж авна уу

ᠫᠠᠷᠠᠲ᠋ᠠᠶᠧᠻᠸᠣᠨ᠌ᠳᠣ᠌ ᠢᠢᠨ ᠲᠠᠮᠢᠷᠴᠢᠨ ᠤ᠊᠂ ᠰᠦᠷᠦᠩᠵᠠᠪ ᠲᠤ ᠬᠥᠳᠡᠯᠮᠦᠷᠢ ᠢᠢᠨ ᠪᠠᠭᠠᠲᠤᠷ ᠴᠣᠯᠠ ᠬᠦᠷᠲᠡᠭᠡᠯ᠎ᠠ

ᠮᠣᠩᠭ᠋ᠤᠯ ᠤᠯᠤᠰ ᠤᠨ ᠶᠡᠷᠦᠩᠬᠡᠢᠢᠯᠡᠭᠴᠢ ᠤ‍ᠬᠤᠨ᠎ᠠ ᠢᠢᠨ ᠬᠦᠷᠡᠯᠰᠦ᠋ᠬᠡ ᠵᠠᠷᠯᠢᠭ ᠭᠠᠷᠭᠠᠵᠤ᠂ 《ᠫᠠᠷᠢᠰ – 2024》ᠵᠤᠨ ᠤ ᠣᠯᠢᠮᠫ᠂ ᠫᠠᠷᠠᠯᠢᠮᠫ ‍ᠦᠨ ᠨᠠᠭᠠᠳᠤᠮ ᠳᠤ ᠠᠮᠵᠢᠯᠲᠠᠲᠠᠢ ᠣᠷᠤᠯᠴᠠᠭᠰᠠᠨ ᠮᠣᠩᠭ᠋ᠤᠯ ᠤᠯᠤᠰ ᠤᠨ ᠰᠢᠭᠰᠢᠭᠡ ᠪᠠᠭ ᠤᠨ ᠪᠠᠭᠰᠢ᠂ ᠲᠠᠮᠢᠷᠴᠢᠳ ᠲᠤ ᠲᠥᠷᠦ ᠢᠢᠨ ᠳᠡᠭᠡᠳᠦ ᠴᠣᠯᠠ᠂ ᠣᠳᠤᠨ᠂ ᠮᠧᠳᠠᠯᠢ ᠬᠦᠷᠲᠡᠭᠡᠯ᠎ᠠ᠃

ᠬᠥᠳᠡᠯᠮᠦᠷᠢ ᠢᠢᠨ ᠪᠠᠭᠠᠲᠤᠷ ᠴᠣᠯᠠ ᠢᠢ᠄

ᠮᠣᠩᠭ᠋ᠤᠯ ᠤᠯᠤᠰ ᠲᠤ ᠣᠷᠴᠢᠨ ᠴᠠᠭ ᠤᠨ ᠪᠡᠶ ᠡ ᠢᠢᠨ ᠲᠠᠮᠢᠷ ᠰᠫᠣᠷᠲ ᠤᠨ ᠰᠠᠯᠪᠤᠷᠢ ᠡᠭᠦᠰᠴᠦ ᠬᠥᠭ᠍ᠵᠢᠭ᠍ᠰᠡᠨ ‍ᠦ 100 ᠵᠢᠯ᠂ ᠣᠯᠢᠮᠫ ᠤᠨ ᠨᠠᠭᠠᠳᠤᠮ ᠳᠤ ᠣᠷᠤᠯᠴᠠᠵᠤ ᠡᠬᠢᠯᠡᠭᠰᠡᠨ ‍ᠦ 60 ᠵᠢᠯ᠂ ᠫᠠᠷᠠᠯᠢᠮᠫ ‍ᠦᠨ ᠨᠠᠭᠠᠳᠤᠮ ᠳᠤ ᠣᠷᠤᠯᠴᠠᠵᠤ ᠡᠬᠢᠯᠡᠭᠰᠡᠨ ‍ᠦ 24 ᠵᠢᠯ ‍ᠦᠨ ᠣᠢ ᠢᠢ ᠲᠣᠬᠢᠶᠠᠯᠳᠤᠭᠤᠯᠤᠨ᠂ 《ᠫᠠᠷᠢᠰ – 2024》ᠵᠤᠨ ᠤ ᠫᠠᠷᠠᠯᠢᠮᠫ ‍ᠦᠨ ᠨᠠᠭᠠᠳᠤᠮ ᠤᠨ ᠫᠠᠷᠠᠲ᠋ᠠᠶᠧᠻᠸᠣᠨ᠋᠋ᠳᠣ᠋ ᠢᠢᠨ ᠲᠥᠷᠦᠯ ᠳᠥ ᠠᠯᠲᠠᠨ ᠮᠧᠳᠠᠯᠢ ᠬᠦᠷᠲᠡᠵᠦ᠂ ᠭᠠᠷᠮᠠᠭᠠᠢ ᠠᠮᠵᠢᠯᠲᠠ ᠭᠠᠷᠭᠠᠨ᠂ ᠡᠬᠡ ᠣᠷᠤᠨ ᠤ ᠪᠠᠨ ᠨᠡᠷ ᠡ ᠢᠢ ᠥᠨᠳᠦᠷ ᠲᠥ ᠡᠷᠭᠦᠭ᠍ᠰᠡᠨ ᠫᠠᠷᠠᠲ᠋ᠠᠶᠧᠻᠸᠣᠨ᠋᠋ᠳᠣ᠋ ᠢᠢᠨ ᠦᠨᠳᠦᠰᠦᠨ ‍ᠦ ᠰᠢᠭᠰᠢᠭᠡ ᠪᠠᠭ ᠤᠨ ᠲᠠᠮᠢᠷᠴᠢᠨ ᠤᠯᠠᠮᠪᠠᠶᠠᠷ ᠤᠨ ᠰᠦᠷᠦᠩᠵᠠᠪ ᠲᠤ ᠬᠦᠷᠲᠡᠭᠡᠵᠦ᠂ ᠬᠥᠳᠡᠯᠮᠦᠷᠢ ᠢᠢᠨ ᠪᠠᠭᠠᠲᠤᠷ ᠤᠨ 《ᠠᠯᠲᠠᠨ ᠰᠣᠶᠣᠩᠪᠣ》 ᠲᠡᠮᠳᠡᠭ᠂ ᠰᠦᠬᠡᠪᠠᠭᠠᠲᠤᠷ ᠤᠨ ᠣᠳᠣᠨ ᠢᠢᠠᠷ ᠱᠠᠩᠨᠠᠯ ᠠ᠃

ᠭᠠᠪᠢᠶᠠᠲᠤ ᠲᠠᠮᠢᠷᠴᠢᠨ ᠴᠤᠯᠠ ᠢᠢ᠄

  • ᠵᠢᠦ᠋ᠳᠣ᠋ ᠪᠥᠬᠡ ᠢᠢᠨ ᠦᠨᠳᠦᠰᠦᠨ ‍ᠦ ᠰᠢᠭᠰᠢᠭᠡ ᠪᠠᠭ ᠤᠨ ᠲᠠᠮᠢᠷᠴᠢᠨ᠂ 《ᠫᠠᠷᠢᠰ – 2024》ᠣᠯᠢᠮᠫ ᠤᠨ ᠨᠠᠭᠠᠳᠤᠮ ᠤᠨ ᠮᠥᠩᠭᠦᠨ ᠮᠧᠳᠠᠯᠢᠲᠤ ᠪᠠᠪᠤᠤᠳᠤᠷᠵᠢ ᠢᠢᠨ ᠪᠠᠰᠠᠩᠬᠦ᠋ᠦ᠂
  • ᠮᠣᠩᠭ᠋ᠤᠯ ᠤᠨ ᠦᠨᠳᠦᠰᠦᠨ ‍ᠦ ᠫᠠᠷᠠ ᠬᠥᠩᠭᠡᠨ ᠠᠲ᠋ᠯᠧᠲ᠋ᠢᠻ ‍ᠦᠨ ᠬᠣᠯᠪᠤᠭ᠎ᠠ᠂ ᠦᠨᠳᠦᠰᠦᠨ ‍ᠦ ᠰᠢᠭᠰᠢᠭᠡ ᠪᠠᠭ ᠤᠨ ᠲᠠᠮᠢᠷᠴᠢᠨ᠂ 《ᠫᠠᠷᠢᠰ – 2024》ᠫᠠᠷᠠᠯᠢᠮᠫ ‍ᠦᠨ ᠨᠠᠭᠠᠳᠤᠮ ᠤᠨ ᠮᠥᠩᠭᠦᠨ ᠮᠧᠳᠠᠯᠢᠲᠤ ᠴᠡᠭᠮᠢᠳ ‍ᠦᠨ ᠪᠠᠲᠤᠲᠤᠯᠭ᠎ᠠ᠂

ᠭᠠᠪᠢᠶᠠᠲᠤ ᠳᠠᠰᠬᠠᠯᠵᠢᠭᠤᠯᠤᠭᠴᠢ ᠴᠤᠯᠠ ᠢᠢ᠄

  • ᠫᠠᠷᠠᠲ᠋ᠠᠶᠧᠻᠸᠣᠨ᠋᠋ᠳᠣ᠋ ᠢᠢᠨ ᠦᠨᠳᠦᠰᠦᠨ ‍ᠦ ᠰᠢᠭᠰᠢᠭᠡ ᠪᠠᠭ ᠤᠨ ᠳᠠᠰᠬᠠᠯᠵᠢᠭᠤᠯᠤᠭᠴᠢ᠂ ᠣᠯᠠᠨ ᠤᠯᠤᠰ ᠤᠨ ᠬᠡᠮᠵᠢᠶᠡᠨ ‍ᠦ ᠮᠠᠰᠲ᠋ᠧᠷ ᠨᠠᠷᠠᠨᠴᠢᠮᠡᠭ ‍ᠦᠨ ᠡᠷᠳᠡᠨᠢᠪᠠᠭᠠᠲᠤᠷ᠂
  • ᠫᠠᠷᠠᠲ᠋ᠠᠶᠧᠻᠸᠣᠨ᠋᠋ᠳᠣ᠋ ᠢᠢᠨ ᠦᠨᠳᠦᠰᠦᠨ ‍ᠦ ᠰᠢᠭᠰᠢᠭᠡ ᠪᠠᠭ ᠤᠨ ᠳᠠᠰᠬᠠᠯᠵᠢᠭᠤᠯᠤᠭᠴᠢ ᠳᠣᠷᠵᠢᠵᠠᠩᠴᠠᠨ ᠤ ᠪᠠᠲᠤᠨᠠᠰᠤᠨ᠂
  • ᠮᠣᠩᠭ᠋ᠤᠯ ᠤᠨ ᠦᠨᠳᠦᠰᠦᠨ ‍ᠦ ᠫᠠᠷᠠ ᠬᠥᠩᠭᠡᠨ ᠠᠲ᠋ᠯᠧᠲ᠋ᠢᠻ ‍ᠦᠨ ᠬᠣᠯᠪᠤᠭ᠎ᠠ᠂ ᠰᠢᠭᠰᠢᠭᠡ ᠪᠠᠭ ᠤᠨ ᠳᠠᠰᠬᠠᠯᠵᠢᠭᠤᠯᠤᠭᠴᠢ ᠳᠠᠰᠢᠳᠡᠩᠳᠦᠪ ‍ᠦᠨ ᠮᠠᠬᠠᠰᠢᠷᠢ᠂

ᠰᠦᠬᠡᠪᠠᠭᠠᠲᠤᠷ ᠤᠨ ᠤᠳᠤᠨ ᠢᠢᠠᠷ᠄

  • ᠮᠣᠩᠭ᠋ᠤᠯ ᠤᠯᠤᠰ ᠤᠨ ᠬᠥᠳᠡᠯᠮᠦᠷᠢ ᠢᠢᠨ ᠪᠠᠭᠠᠲᠤᠷ᠂ 《ᠫᠠᠷᠢᠰ – 2024》ᠫᠠᠷᠠᠯᠢᠮᠫ ‍ᠦᠨ ᠨᠠᠭᠠᠳᠤᠮ ᠤᠨ ᠮᠥᠩᠭᠦᠨ ᠮᠧᠳᠠᠯᠢᠲᠤ ᠡ᠊ᠩᠬᠡᠪᠠᠶᠠᠷ ᠤᠨ ᠰᠣᠳᠨᠠᠮᠫᠡᠯᠵᠡᠢ᠂
  • ᠫᠠᠷᠠᠲ᠋ᠠᠶᠧᠻᠸᠣᠨ᠋᠋ᠳᠣ᠋ ᠢᠢᠨ ᠦᠨᠳᠦᠰᠦᠨ ‍ᠦ ᠰᠢᠭᠰᠢᠭᠡ ᠪᠠᠭ ᠤᠨ ᠲᠠᠮᠢᠷᠴᠢᠨ᠂ 《ᠫᠠᠷᠢᠰ – 2024》ᠫᠠᠷᠠᠯᠢᠮᠫ ‍ᠦᠨ ᠨᠠᠭᠠᠳᠤᠮ ᠤᠨ ᠮᠥᠩᠭᠦᠨ ᠮᠧᠳᠠᠯᠢᠲᠤ ᠭᠠᠩᠪᠠᠲᠤ ᠢᠢᠨ ᠪᠣᠯᠤᠷ – ᠡᠷᠳᠡᠨᠢ᠂
  • ᠭᠠᠪᠢᠶᠠᠲᠤ ᠳᠠᠰᠬᠠᠯᠵᠢᠭᠤᠯᠤᠭᠴᠢ᠂ ᠦᠨᠳᠦᠰᠦᠨ ‍ᠦ ᠰᠢᠭᠰᠢᠭᠡ ᠪᠠᠭ ᠤᠨ ᠳᠠᠰᠬᠠᠯᠵᠢᠭᠤᠯᠤᠭᠴᠢ ᠳᠠᠰᠢ ᠢᠢᠨ ᠪᠠᠲᠤᠲᠤᠯᠭ᠎ᠠ᠂
  • ᠭᠠᠪᠢᠶᠠᠲᠤ ᠲᠠᠮᠢᠷᠴᠢᠨ᠂ ᠵᠢᠦ᠋ᠳᠣ᠋ ᠪᠥᠬᠡ ᠢᠢᠨ ᠦᠨᠳᠦᠰᠦᠨ ‍ᠦ ᠰᠢᠭᠰᠢᠭᠡ ᠪᠠᠭ ᠤᠨ ᠳᠠᠰᠬᠠᠯᠵᠢᠭᠤᠯᠤᠭᠴᠢ ᠮᠥᠩᠬᠡᠪᠠᠭᠠᠲᠤᠷ ᠤᠨ ᠪᠤᠩᠳᠠᠮ ᠠ᠂
  • ᠮᠣᠩᠭ᠋ᠤᠯ ᠤᠨ ᠦᠨᠳᠦᠰᠦᠨ ‍ᠦ ᠫᠠᠷᠠᠯᠢᠮᠫ ‍ᠦᠨ ᠬᠣᠯᠪᠤᠭᠠᠨ ᠤ ᠶᠡᠷᠦᠩᠬᠡᠢᠢᠯᠡᠭᠴᠢ᠂ ᠠᠵᠤ ᠦᠢᠯᠡᠳᠪᠦᠷᠢ ᠢᠢᠨ ᠭᠠᠪᠢᠶᠠᠲᠤ ᠠᠵᠢᠯᠲᠠᠨ ᠳᠠᠸᠠ ᠢᠢᠨ ᠨᠢᠮᠠᠬᠦ᠋ᠦ᠂
  • ᠭᠠᠪᠢᠶᠠᠲᠤ ᠲᠠᠮᠢᠷᠴᠢᠨ᠂ ᠬᠥᠩᠭᠡᠨ ᠠᠲ᠋ᠯᠧᠲ᠋ᠢᠻ ‍ᠦᠨ ᠮᠠᠰᠲ᠋ᠧᠷ ᠤᠳ ᠤᠨ ᠳᠡᠯᠡᠬᠡᠢ ᠢᠢᠨ ᠠᠪᠤᠷᠭ᠎ᠠ ᠰᠢᠯᠭᠠᠷᠠᠭᠤᠯᠬᠤ ᠲᠡᠮᠡᠴᠡᠭᠡᠨ ‍ᠦ ᠠᠯᠲᠠᠨ ᠮᠧᠳᠠᠯᠢᠲᠤ ᠴᠡᠷᠢᠩ ‍ᠦᠨ ᠷᠠᠳᠨ᠎ᠠ᠂

ᠠᠯᠲᠠᠨ ᠭᠠᠳᠠᠰᠤ ᠤᠳᠤᠨ ᠢᠢᠠᠷ᠄

  • ᠦᠨᠳᠦᠰᠦᠨ ‍ᠦ ᠰᠢᠭᠰᠡᠭᠡ ᠪᠠᠭ ᠤᠨ ᠲᠠᠮᠢᠷᠴᠢᠨ᠂ ᠫᠠᠷᠠᠯᠢᠮᠫ ‍ᠦᠨ ᠤᠰᠤᠨ ᠳᠤ ᠰᠡᠯᠡᠯᠲᠡ ᠢᠢᠨ ᠲᠠᠮᠢᠷᠴᠢᠨ ᠬᠦᠷᠡᠯ ‍ᠦᠨ ᠨᠣᠮᠤᠨ ᠨᠠᠷ ᠢ ᠱᠠᠩᠨᠠᠯ ᠠ᠃

ᠮᠣᠩᠭ᠋ᠤᠯ ᠤᠯᠤᠰ ᠤᠨ ᠶᠡᠷᠦᠩᠬᠡᠢᠢᠯᠡᠭᠴᠢ ᠤ‍ᠬᠤᠨ᠎ᠠ ᠢᠢᠨ ᠬᠦᠷᠡᠯᠰᠦ᠋ᠬᠡ ᠲᠥᠷᠦ ᠢᠢᠨ ᠳᠡᠭᠡᠳᠦ ᠴᠣᠯᠠ᠂ ᠣᠳᠤᠨ ᠬᠦᠷᠲᠡᠭᠰᠡᠨ ᠡᠷᠬᠢᠮ ‍ᠦᠳ ᠲᠥ ᠪᠣᠯᠤᠨ ᠭᠡᠷ ᠪᠦᠯᠢ᠂ ᠦᠷ ᠡ ᠬᠡᠦᠬᠡᠳ᠂ ᠬᠠᠮᠲᠤ ᠣᠯᠠᠨ ᠳᠤ ᠰᠫᠣᠷᠲ᠋ ᠤᠨ ᠥᠨᠳᠦᠷ ᠠᠮᠵᠢᠯᠲᠠ᠂ ᠰᠠᠢᠢᠨ ᠰᠠᠢᠢᠬᠠᠨ ᠪᠦᠬᠦᠨ ᠢ ᠬᠦᠰᠠᠨ ᠢᠷᠦᠭᠡᠯ ᠡ᠃