《ᠨᠤᠮ ᠤᠨ ᠰᠣᠶᠤᠯᠲᠤ ᠶᠢᠷᠲᠢᠨᠴᠦ》ᠲᠥᠷᠦ ᠢᠢᠨ ᠪᠣᠰᠤ ᠪᠠᠢᠢᠭᠤᠯᠤᠯᠭ᠎ᠠ ᠢᠢᠨ ᠰᠠᠨᠠᠭᠠᠴᠢᠯᠠᠭᠰᠠᠨ 《ᠨᠤᠮ ᠤᠨ ᠪᠠᠶᠠᠷ》 ᠢ ᠡᠨᠡ ᠵᠢᠯ ᠡᠴᠡ ᠮᠣᠩᠭ᠋ᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠢᠪᠡᠭᠡᠯ ᠳᠣᠣᠷ ᠠ ᠵᠣᠬᠢᠶᠠᠨ ᠪᠠᠢᠢᠭᠤᠯᠵᠤ ᠪᠠᠢᠢᠨ᠎ᠠ᠃
ᠶᠡᠷᠦᠩᠬᠡᠢᠢᠯᠡᠭᠴᠢ ᠪᠣᠳᠤᠯᠭ᠎ᠠ᠂ ᠦᠢᠯᠡ ᠠᠵᠢᠯᠯᠠᠭᠠᠨ ᠤ ᠪᠠᠨ ᠬᠥᠲᠦᠯᠪᠦᠷᠢ ᠳᠥ 《ᠨᠤᠮ ᠤᠨ ᠰᠠᠢᠢᠨ ᠨᠥᠬᠦᠷ》ᠬᠥᠳᠡᠯᠭᠡᠭᠡᠨ ᠥᠷᠨᠢᠭᠦᠯᠬᠦ ᠪᠡᠷ ᠲᠤᠰᠬᠠᠵᠤ᠂ ᠮᠣᠩᠭ᠋ᠤᠯ ᠬᠦᠮᠦᠨ ᠢ ᠨᠣᠮ ᠲᠠᠢ ᠨᠥᠬᠦᠷᠯᠡᠵᠦ᠂ ᠰᠣᠶᠤᠨ ᠭᠡᠭᠡᠷᠡᠭᠦᠯᠬᠦ ᠦᠢᠯᠡ ᠶᠠᠪᠤᠴᠠ ᠢᠢ ᠨᠢ ᠳᠡᠮᠵᠢᠬᠦ ᠵᠣᠷᠢᠯᠭ᠎ᠠ ᠲᠠᠯᠪᠢᠭᠰᠠᠨ ᠶᠤᠮ᠃
《ᠢᠯᠡᠭᠦᠦ ᠶᠡᠬᠡ ᠤᠩᠰᠢᠶ ᠠ》ᠤᠷᠢᠶ ᠠ ᠲᠠᠢ ᠪᠠᠶᠠᠷ ᠢ ᠨᠡᠭᠡᠭᠡᠵᠦ᠂ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠭᠣ᠊᠂ ᠽᠠᠨᠳᠠᠨᠰᠢᠲᠠᠷ ᠠ ᠦᠭᠡ ᠬᠡᠯᠡᠯ ᠡ᠃ ᠲᠡᠷᠡ ᠪᠡᠷ ᠠᠷᠠᠳ ᠢᠷᠭᠡᠳ᠂ ᠬᠡᠦᠬᠡᠳ᠂ ᠵᠠᠯᠠᠭᠤᠰ ᠲᠤ ᠨᠣᠮ ᠤᠩᠰᠢᠬᠤ ᠰᠣᠶᠤᠯ᠂ ᠳᠠᠳᠤᠯ ᠬᠡᠪᠰᠢᠭᠦᠯᠬᠦ᠂ ᠲᠦᠭᠡᠭᠡᠨ ᠳᠡᠯᠭᠡᠷᠡᠭᠦᠯᠬᠦ᠂ ᠰᠤᠷᠴᠤ ᠬᠥᠭ᠍ᠵᠢᠬᠦ ᠬᠦᠰᠡᠯ ᠡᠷᠡᠮᠡᠯᠵᠡᠯ ᠢ ᠳᠡᠮᠵᠢᠬᠦ ᠳᠥ 《ᠨᠤᠮ ᠤᠨ ᠪᠠᠶᠠᠷ》 ᠴᠢᠬᠤᠯᠠ ᠡᠭᠦᠷᠭᠡ ᠲᠡᠢ ᠪᠥᠭᠡᠳ ᠵᠣᠬᠢᠶᠠᠯᠴᠢ᠂ ᠲᠤᠭᠤᠷᠪᠢᠭᠴᠢ᠂ ᠢᠳᠡᠪᠬᠢᠲᠡᠨ ᠪᠢᠴᠢᠭ᠍ᠴᠢᠳ ᠭᠣᠣᠯ ᠬᠥᠲᠦᠴᠢ᠂ ᠲᠥᠭᠦᠴᠢᠭᠡ ᠨᠢ ᠭᠡᠳᠡᠭ ᠢ ᠬᠡᠯᠡᠯ ᠡ᠃
ᠨᠢᠮ ᠠ ᠭᠠᠷᠠᠭ ᠲᠤ ᠥᠨᠳᠦᠷᠯᠡᠬᠦ ᠪᠠᠶᠠᠷ ᠲᠤ ᠳᠣᠲᠤᠭᠠᠳᠤ ᠢᠢᠨ 500 ᠭᠠᠷᠤᠢ ᠵᠣᠬᠢᠶᠠᠯᠴᠢ᠂ ᠬᠡᠪᠯᠡᠨ ᠨᠡᠢᠢᠲᠡᠯᠡᠭ᠍ᠴᠢ ᠡᠴᠡ ᠭᠠᠳᠠᠨ᠎ᠠ ᠣᠷᠤᠰ᠂ ᠬᠢᠲᠠᠳ᠂ ᠰᠣᠯᠤᠩᠬ᠋ᠤᠰ᠂ ᠫᠣᠯᠠᠨ᠋ᠳ᠋ ᠤᠯᠤᠰ ᠤᠨ ᠲᠥᠯᠦᠭᠡᠯᠡᠯ ᠣᠷᠤᠯᠴᠠᠵᠤ ᠪᠠᠢᠢᠨ᠎ᠠ᠃
ᠡᠨᠡ ᠦᠢ ᠡ ᠪᠡᠷ ᠵᠣᠬᠢᠶᠠᠯᠴᠢ᠂ ᠬᠡᠪᠯᠡᠨ ᠨᠡᠢᠢᠲᠡᠯᠡᠭᠴᠢᠳ ᠲᠥ ᠪᠦᠲᠦᠭᠡᠯ ᠢᠢᠡᠨ ᠲᠣᠯᠢᠯᠠᠭᠤᠯᠵᠤ᠂ ᠦᠵᠡᠰᠬᠦᠯᠡᠩ᠂ ᠤᠷᠤᠯᠳᠠᠭᠠᠨ᠂ ᠡᠳᠦᠷᠯᠢᠭ᠂ ᠤᠩᠰᠢᠭᠴᠢ᠂ ᠵᠣᠬᠢᠶᠠᠯᠴᠢᠳ ᠤᠨ ᠠᠭᠤᠯᠵᠠᠯᠲᠠ᠂ ᠰᠢᠨ᠎ᠠ ᠨᠣᠮ ᠤᠨ ᠨᠡᠭᠡᠭᠡᠯᠲᠡ᠂ ᠰᠡᠳᠦᠪᠴᠢᠯᠡᠭᠰᠡᠨ ᠪᠦᠲᠦᠭᠡᠯ ᠦᠨ ᠲᠠᠨᠢᠯᠴᠠᠭᠤᠯᠭ᠎ᠠ ᠵᠡᠷᠭᠡ ᠦᠨᠳᠦᠰᠦᠨ ᠦ ᠪᠢᠴᠢᠭ᠌ ᠰᠣᠶᠤᠯ ᠢᠢᠠᠨ ᠰᠤᠷᠲᠠᠴᠢᠯᠠᠨ᠂ ᠨᠣᠮ ᠤᠩᠰᠢᠬᠤ ᠢᠳᠡᠪᠬᠢ ᠰᠠᠨᠠᠭᠠᠴᠢᠯᠭ᠎ᠠ ᠢᠢ ᠥᠷᠨᠢᠭᠦᠯᠦᠭᠰᠡᠨ ᠣᠯᠠᠨ ᠠᠷᠭ᠎ᠠ ᠬᠡᠮᠵᠢᠶ ᠡ᠂ ᠰᠣᠶᠤᠯ᠂ ᠤᠷᠠᠯᠢᠭ ᠤᠨ ᠲᠣᠭᠯᠠᠯᠲᠠ ᠪᠣᠯᠬᠤ ᠶᠤᠮ᠃
ᠮᠥᠨ ᠵᠣᠬᠢᠶᠠᠯᠴᠢ᠂ ᠬᠡᠪᠯᠡᠨ ᠨᠡᠢᠢᠲᠡᠯᠡᠭ᠍ᠴᠢᠳ ᠢ ᠤᠷᠮᠠᠰᠢᠭᠤᠯᠬᠤ᠂ ᠳᠡᠮᠵᠢᠬᠦ ᠵᠣᠷᠢᠯᠭ᠎ᠠ ᠲᠠᠢ 《ᠮᠡᠷᠭᠡᠨ ᠨᠣᠮ》 ᠴᠣᠮᠤ ᠢᠢᠨ ᠡᠵᠡᠨ ᠢ ᠲᠣᠳᠤᠷᠠᠭᠤᠯᠤᠨᠠ᠃ ᠪᠠᠶᠠᠷ ᠤᠨ ᠦᠶ ᠡ ᠪᠡᠷ ᠶᠡᠷᠦᠩᠬᠡᠢᠢᠯᠡᠭᠴᠢ ᠢᠢᠨ ᠢᠪᠡᠭᠡᠯ ᠳᠣᠣᠷ ᠠ ᠡᠷᠬᠢᠯᠡᠨ ᠭᠠᠷᠭᠠᠵᠤ ᠪᠤᠢ ᠮᠣᠩᠭ᠋ᠤᠯ ᠤᠯᠤᠰ ᠤᠨ ᠲᠡᠦᠬᠡ ᠢᠢᠨ 12 ᠪᠣᠲᠢ ᠨᠣᠮ ᠤᠨ ᠨᠡᠭᠡᠭᠡᠯᠲᠡ ᠪᠣᠯᠤᠯ ᠠ᠃
ᠮᠣᠩᠭ᠋ᠤᠯ ᠤᠯᠤᠰ ᠤᠨ ᠶᠡᠷᠦᠩᠬᠡᠢᠢᠯᠡᠭᠴᠢ ᠢᠢᠨ 2012 ᠣᠨ ᠤ 《ᠨᠣᠮ ᠤᠨ ᠪᠠᠶᠠᠷ ᠤᠨ ᠡᠳᠦᠷ ᠲᠡᠮᠳᠡᠭᠯᠡᠬᠦ ᠲᠤᠬᠠᠢ》 158 ᠳᠤᠭᠠᠷ ᠵᠠᠷᠯᠢᠭ᠂ ᠨᠡᠢᠢᠲᠡ ᠪᠡᠷ ᠲᠡᠮᠳᠡᠭᠯᠡᠬᠦ ᠪᠠᠶᠠᠷ ᠤᠨ ᠪᠣᠯᠤᠨ ᠲᠡᠮᠳᠡᠭᠯᠡᠯᠲᠦ ᠡᠳᠦᠷ ᠦᠳ ᠦᠨ ᠲᠤᠬᠠᠢ ᠬᠠᠤᠯᠢ ᠢᠢᠨ ᠳᠠᠭᠠᠭᠤ 《ᠦᠨᠳᠦᠰᠦᠨ ᠦ ᠪᠢᠴᠢᠭ ᠰᠣᠶᠤᠯ᠂ ᠨᠣᠮ ᠤᠨ ᠡᠳᠦᠷ ᠦᠳ》 ᠢ ᠵᠢᠯ ᠪᠦᠷᠢ ᠢᠢᠨ ᠲᠠᠪᠤ ᠪᠣᠯᠤᠨ ᠶᠢᠰᠦᠳᠦᠭᠡᠷ ᠰᠠᠷ ᠠ ᠢᠢᠨ ᠭᠤᠷᠪᠠ ᠳᠠᠬᠢ ᠳᠣᠯᠤᠭ᠎ᠠ ᠬᠣᠨᠤᠭ ᠤᠨ ᠪᠢᠮᠪᠠ᠂ ᠨᠢᠮ ᠠ ᠭᠠᠷᠠᠭ ᠲᠤ ᠣᠷᠤᠨ ᠳᠠᠶᠠᠭᠠᠷ ᠲᠡᠮᠳᠡᠭᠯᠡᠨ ᠥᠩᠭᠡᠷᠡᠭᠦᠯᠳᠡᠭ ᠶᠤᠮ᠃