Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ 《ᠢᠷᠡᠭᠡᠳᠦᠢ ᠢᠢᠨ ᠠᠰᠠᠭᠤᠳᠠᠯ ᠢᠢᠠᠷ ᠬᠢ ᠳᠡᠭᠡᠳᠦ ᠲᠦᠪᠰᠢᠨ ᠦ ᠠᠭᠤᠯᠵᠠᠯᠲᠠ》  ᠳᠤ ᠦᠭᠡ ᠬᠡᠯᠡᠯ᠎᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠠᠮᠧᠷᠢᠻᠠ ᠢᠢᠨ ᠨᠢᠭᠡᠳᠦᠭᠰᠡᠨ ᠤᠯᠤᠰ ᠤᠨ ᠨᠶᠦ᠋-ᠶᠣᠷᠻ ᠬᠣᠲᠠᠨ᠎ᠠ ᠪᠣᠯᠵᠤ ᠪᠤᠢ《ᠢᠷᠡᠭᠡᠳᠦᠢ ᠢᠢᠨ ᠠᠰᠠᠭᠤᠳᠠᠯ ᠢᠢᠠᠷ ᠬᠢ ᠳᠡᠭᠡᠳᠦ ᠲᠦᠪᠰᠢᠨ ᠦ ᠠᠭᠤᠯᠵᠠᠯᠲᠠ》  ᠳᠤ ᠬᠡᠯᠡᠭᠰᠡᠨ ᠦᠭᠡ ᠢᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠄

《ᠡᠷᠬᠢᠮ ᠬᠦᠨᠳᠦᠲᠦ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠠ᠂

ᠡᠷᠬᠢᠮ ᠬᠦᠨᠳᠦᠲᠦ ᠵᠣᠴᠢᠳ᠂ ᠲᠥᠯᠦᠭᠡᠯᠡᠭᠴᠢᠳ ᠡ᠂

ᠬᠠᠲᠤᠭᠲᠠᠢ᠂ ᠨᠣᠶᠠᠳ ᠠ᠂

ᠢᠷᠡᠭᠡᠳᠦᠢ ᠢᠢᠨ ᠠᠰᠠᠭᠤᠳᠠᠯ ᠢᠢᠠᠷ ᠬᠢ ᠡᠨᠡᠬᠦ ᠳᠡᠭᠡᠳᠦ ᠲᠦᠪᠰᠢᠨ ᠦ ᠠᠭᠤᠯᠵᠠᠯᠲᠠ ᠨᠢ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠢᠢᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠠᠨ᠋ᠲ᠋ᠣᠨᠢᠣ᠋ ᠭᠦᠲ᠋ᠧᠷᠷᠧᠰ (Antonio Guterres) ᠦᠨ 《ᠪᠢᠳᠡᠨ ᠦ ᠨᠡᠢᠢᠲᠡᠯᠢᠭ ᠵᠣᠷᠢᠯᠭ᠎ᠠ》 ᠢᠯᠡᠳᠬᠡᠯ ᠳᠡᠭᠡᠨ ᠳᠤᠷᠠᠳᠤᠭᠰᠠᠨ ᠡ᠊ᠩᠬᠡ ᠲᠠᠢᠢᠪᠤᠩ᠂ ᠲᠣᠭᠲᠠᠪᠤᠷᠢᠲᠠᠢ᠂ ᠬᠦᠷᠲᠡᠭᠡᠮᠵᠢᠲᠡᠢ᠂ ᠳᠠᠰᠤᠨ ᠵᠣᠬᠢᠴᠠᠭᠰᠠᠨ᠂ ᠴᠡᠴᠡᠭᠯᠡᠨ ᠬᠥᠭ᠍ᠵᠢᠭ᠍ᠰᠡᠨ ᠢᠷᠡᠭᠡᠳᠦᠢ ᠳᠥ ᠬᠦᠷᠬᠦ ᠠᠷᠭ᠎ᠠ ᠵᠠᠮ ᠢ ᠲᠣᠳᠤᠷᠬᠠᠢᠢᠯᠠᠬᠤ ᠡᠨᠡ ᠴᠠᠭ ᠦᠶ ᠡ ᠢᠢᠨ ᠨᠢᠭᠡᠨ ᠴᠢᠬᠤᠯᠠ ᠠᠷᠭ᠎ᠠ ᠬᠡᠮᠵᠢᠶ ᠡ ᠪᠣᠯᠵᠤ ᠪᠠᠢᠢᠨ᠎ᠠ᠃

ᠡᠨᠡᠬᠦ ᠳᠡᠭᠡᠳᠦ ᠲᠦᠪᠰᠢᠨ ᠦ ᠠᠭᠤᠯᠵᠠᠯᠲᠠ ᠢᠢᠨ ᠪᠡᠯᠡᠳᠬᠡᠯ ᠠᠵᠢᠯ ᠢ ᠬᠠᠷᠢᠭᠤᠴᠠᠨ᠂ ᠵᠣᠬᠢᠴᠠᠭᠤᠯᠤᠭᠴᠢ ᠢᠢᠨ ᠡᠭᠦᠷᠭᠡ ᠢᠢ ᠠᠮᠵᠢᠯᠲᠠᠲᠠᠢ ᠭᠦᠢᠴᠡᠳᠬᠡᠭ᠍ᠰᠡᠨ ᠨᠠᠮᠢᠪᠢ ᠤᠯᠤᠰ ᠪᠣᠯᠤᠨ ᠬᠣᠯᠪᠤᠭᠠᠨ ᠤ ᠪᠦᠭᠦᠳᠠ ᠨᠠᠢᠢᠷᠠᠮᠳᠠᠬᠤ ᠭᠧᠷᠮᠠᠨ ᠤᠯᠤᠰ ᠤᠨ ᠪᠠᠢᠢᠩᠭ᠋ᠤ ᠢᠢᠨ ᠲᠥᠯᠦᠭᠡᠯᠡᠭᠴᠢᠳ ᠲᠥ ᠭᠦᠨ ᠲᠠᠯᠠᠷᠬᠠᠯ ᠢᠯᠡᠷᠬᠡᠢᠢᠯᠡᠶ ᠡ᠃

《ᠲᠣᠭᠲᠠᠪᠤᠷᠢᠲᠠᠢ ᠬᠥᠭ᠍ᠵᠢᠯ  – 2030》ᠬᠥᠲᠦᠯᠪᠦᠷᠢ ᠢᠢᠨ ᠬᠡᠷᠡᠭᠵᠢᠯᠲᠡ ᠢᠢᠨ ᠪᠣᠳᠠᠲᠤ ᠨᠥᠬᠦᠴᠠᠯ ᠪᠠᠢᠢᠳᠠᠯ ᠢ ᠳ᠋ᠦᠩᠨᠠᠨ ᠴᠠᠩᠨᠠᠵᠦ᠂ ᠬᠥᠲᠦᠯᠪᠦᠷᠢ ᠢᠢᠨ ᠬᠡᠷᠡᠭᠵᠢᠯᠲᠡ ᠢᠢ ᠬᠠᠩᠭ᠋ᠠᠬᠤ ᠳᠤ ᠰᠢᠨ᠎ᠡ ᠡᠷᠴᠢ ᠬᠦᠴᠦ ᠥᠭᠴᠦ᠂ ᠦᠢᠯᠡ ᠠᠵᠢᠯᠯᠠᠭ᠎ᠠ ᠢᠢ ᠨᠢ ᠤᠯᠠᠮ ᠡᠷᠴᠢᠮᠵᠢᠭᠦᠯᠬᠦ ᠵᠣᠷᠢᠯᠭ᠎ᠠ ᠪᠠᠷ ᠥᠨᠦᠳᠦᠷ ᠦᠨ ᠡᠨᠡᠬᠦ 《ᠢᠷᠡᠭᠡᠳᠦᠢ ᠢᠢᠨ ᠠᠰᠠᠭᠤᠳᠠᠯ ᠢᠢᠠᠷ ᠬᠢ ᠳᠡᠭᠡᠳᠦ ᠲᠦᠪᠰᠢᠨ ᠦ ᠠᠭᠤᠯᠵᠠᠯᠲᠠ》 ᠢᠢ ᠰᠠᠨᠠᠭᠠᠴᠢᠯᠠᠨ ᠵᠣᠬᠢᠶᠠᠨ ᠪᠠᠢᠢᠭᠤᠯᠵᠤ ᠪᠠᠢᠢᠭ᠎ᠠ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠢᠢᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠠᠨ᠋ᠲ᠋ᠣᠨᠢᠣ᠋ ᠭᠦᠲ᠋ᠧᠷᠷᠧᠰ (Antonio Guterres) ᠲᠠᠨ ᠳᠤ ᠭᠦᠨ ᠲᠠᠯᠠᠷᠬᠠᠯ ᠢᠯᠡᠷᠬᠡᠢᠢᠯᠡᠶ ᠡ᠃

《ᠢᠷᠡᠭᠡᠳᠦᠢ ᠢᠢᠨ ᠲᠥᠯᠦᠭᠡ ᠭᠡᠷ ᠡ》᠂ 《ᠢᠷᠡᠭᠡᠳᠦᠢ ᠬᠣᠢᠢᠴᠢ ᠦᠶ ᠡ ᠢᠢᠨ ᠠᠰᠠᠭᠤᠳᠠᠯ ᠢᠢᠠᠷ ᠬᠢ ᠲᠤᠩᠬᠠᠭᠯᠠᠯ》᠂ 《ᠳᠡᠯᠡᠬᠡᠢ ᠨᠡᠢᠢᠲᠡ ᠢᠢᠨ ᠴᠠᠬᠢᠮ ᠬᠥᠭ᠍ᠵᠢᠯ ᠦᠨ ᠭᠡᠷ ᠡ》ᠪᠠᠷᠢᠮᠲᠠ ᠪᠢᠴᠢᠭ᠌ ᠢ ᠣᠯᠠᠨ ᠤᠳᠠᠭ᠎ᠠ ᠢᠢᠨ ᠬᠡᠯᠡᠯᠴᠡᠭᠡ᠂ ᠵᠥᠪᠰᠢᠯᠴᠡᠯ ᠦᠨ ᠦᠨᠳᠦᠰᠦᠨ ᠳᠡᠭᠡᠷ ᠡ ᠬᠡᠯᠡᠯᠴᠡᠨ ᠪᠠᠲᠤᠯᠠᠭᠰᠠᠨ ᠨᠢ ᠡᠭᠡᠳᠡᠷᠡᠭᠡ ᠲᠥᠪᠡᠭ ᠲᠡᠢ ᠡᠨᠡ ᠴᠠᠭ ᠦᠶ ᠡ ᠳᠥ ᠲᠠ ᠪᠢᠳᠡᠨ ᠦ ᠬᠠᠮᠲᠤ ᠢᠢᠨ ᠵᠣᠷᠢᠯᠭ᠎ᠠ᠂ ᠤᠯᠤᠰ ᠲᠥᠷᠦ ᠢᠢᠨ ᠬᠦᠰᠡᠯ ᠡᠷᠡᠮᠡᠯᠵᠡᠯ ᠢ ᠪᠠᠲᠤᠳᠬᠠᠭᠰᠠᠨ ᠴᠢᠬᠤᠯᠠ ᠠᠯᠬᠤᠮ ᠪᠣᠯᠵᠤ ᠪᠠᠢᠢᠨ᠎ᠠ᠃

ᠮᠣᠩ᠋ᠭᠣᠯ ᠤᠯᠤᠰ 《ᠡ᠊ᠩᠬᠡ ᠢᠢ ᠡᠷᠬᠢᠮᠯᠡᠭᠰᠡᠨ᠂ ᠨᠡᠭᠡᠭᠡᠯᠲᠡᠲᠡᠢ᠂ ᠪᠡᠶ ᠡ ᠳᠠᠭᠠᠭᠠᠭᠰᠠᠨ᠂ ᠣᠯᠠᠨ ᠲᠤᠯᠭᠠᠭᠤᠷᠢᠲᠤ》ᠭᠠᠳᠠᠭᠠᠳᠤ ᠪᠣᠳᠤᠯᠭ᠎ᠠ ᠢᠢ ᠲᠤᠭᠤᠰᠢᠲᠠᠢ ᠪᠠᠷᠢᠮᠲᠠᠯᠠᠳᠠᠭ ᠣᠷᠤᠨ ᠤ ᠬᠤᠪᠢ ᠳᠤ ᠳᠡᠯᠡᠬᠡᠢ ᠢᠢᠨ ᠤᠯᠤᠰ ᠣᠷᠤᠨ ᠨᠤᠭᠤᠳ ᠤᠨ ᠲᠡᠦᠬᠡ ᠰᠣᠶᠤᠯ᠂ ᠰᠣᠶᠤᠯ ᠢᠷᠭᠡᠨᠰᠢᠯ᠂ ᠱᠠᠰᠢᠨ ᠰᠢᠲᠦᠯᠭᠡ᠂ ᠦᠨᠳᠦᠰᠦᠨ ᠦ ᠢᠵᠠᠭᠤᠷ ᠡᠷᠬᠡ ᠠᠰᠢᠭ᠂ ᠬᠥᠭ᠍ᠵᠢᠯ ᠦᠨ ᠵᠠᠮᠨᠠᠯ ᠠᠴᠠ ᠡᠭᠦᠳᠦᠯ ᠲᠡᠢ ᠣᠯᠠᠨ ᠤᠷᠭᠤᠯᠴᠢ ᠦᠵᠡᠯ ᠢ ᠬᠦᠨᠳᠦᠳᠬᠡᠨ ᠦᠵᠡᠵᠦ᠂ ᠣᠯᠠᠨ ᠤᠯᠤᠰ ᠤᠨ ᠬᠠᠷᠢᠯᠴᠠᠭ᠎ᠠ ᠶᠢ ᠣᠯᠠᠨ ᠲᠤᠯᠭᠠᠭᠤᠷᠢᠲᠤ ᠵᠠᠷᠴᠢᠮ ᠢᠶᠠᠷ ᠴᠣᠭᠴᠠᠯᠠᠭᠠᠬᠤ ᠶᠢ ᠡᠷᠡᠮᠡᠯᠵᠡᠳᠡᠭ᠃

ᠮᠥᠨ ᠮᠠᠨ ᠤ ᠤᠯᠤᠰ ᠣᠯᠠᠨ ᠤᠯᠤᠰ ᠤᠨ ᠡᠷᠬᠡ ᠵᠦᠢ᠂ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠢᠢᠨ ᠳᠦᠷᠢᠮ ᠢ ᠳᠡᠭᠡᠳᠦᠯᠡᠭᠰᠡᠨ ᠣᠯᠠᠨ ᠲᠠᠯᠠᠲᠤ ᠬᠠᠮᠲᠤ ᠢᠢᠨ ᠠᠵᠢᠯᠯᠠᠭ᠎ᠠ ᠢᠢ ᠪᠡᠬᠢᠵᠢᠭᠦᠯᠬᠦ ᠨᠢ ᠣᠯᠠᠨ ᠤᠯᠤᠰ ᠤᠨ ᠡ᠊ᠩᠬᠡ ᠲᠠᠶᠢᠪᠤᠩ᠂ ᠠᠶᠤᠯ ᠦᠭᠡᠢ ᠪᠠᠢᠢᠳᠠᠯ ᠢ ᠬᠠᠩᠭ᠋ᠠᠬᠤ ᠭᠣᠣᠯ ᠠᠷᠭ᠎ᠠ ᠵᠠᠮ ᠬᠡᠮᠡᠨ ᠦᠵᠡᠳᠡᠭ ᠪᠥᠭᠡᠳ ᠲᠡᠭᠦᠨ ᠦ ᠳᠣᠲᠣᠷ᠎ᠠ ᠶᠠᠷᠢᠶ᠎ᠠ ᠬᠡᠯᠡᠯᠴᠡᠭᠡ᠂ ᠬᠠᠷᠢᠯᠴᠠᠨ ᠣᠢᠢᠯᠠᠭᠠᠯᠴᠠᠯ᠂ ᠬᠠᠷᠢᠯᠴᠠᠨ ᠢᠲᠡᠭᠡᠯᠴᠡᠯ ᠢ ᠪᠡᠬᠢᠵᠢᠭᠦᠯᠬᠦ ᠨᠢ ᠳᠡᠯᠡᠬᠡᠢ ᠨᠡᠶᠢᠲᠡ ᠢᠢᠨ ᠲᠣᠭᠲᠠᠪᠤᠷᠢᠲᠠᠢ ᠪᠠᠢᠢᠳᠠᠯ᠂ ᠡ᠊ᠩᠬᠡ ᠲᠠᠢᠢᠪᠤᠩ ᠢᠢᠠᠷ ᠵᠡᠷᠭᠡᠴᠡᠨ ᠣᠷᠣᠰᠢᠬᠤ ᠢᠢᠨ ᠭᠣᠣᠯ ᠦᠨᠳᠦᠰᠦ ᠰᠠᠭᠤᠷᠢ ᠬᠡᠮᠡᠨ ᠦᠵᠡᠳᠡᠭ᠃

ᠡ᠊ᠩᠬᠡ ᠲᠠᠢᠢᠪᠤᠩ ᠢ ᠲᠣᠭᠲᠠᠭᠠᠬᠤ᠂ ᠠᠭᠤᠷ ᠠᠮᠢᠰᠬᠤᠯ ᠤᠨ ᠥᠭᠡᠷᠡᠴᠢᠯᠡᠯᠲᠡ ᠲᠡᠢ ᠲᠡᠮᠡᠴᠡᠬᠦ᠂ ᠪᠦᠬᠦ ᠨᠡᠢᠢᠲᠡ ᠢᠢᠨ ᠡᠷᠡᠭᠦᠯ ᠮᠡᠨᠳᠦ ᠢᠢ ᠬᠠᠮᠠᠭᠠᠯᠠᠬᠤ᠂ ᠡᠳ᠋ ᠦᠨ ᠵᠠᠰᠠᠭ ᠤᠨ ᠲᠡᠭᠰᠢ ᠪᠤᠰᠤ ᠪᠠᠢᠢᠳᠠᠯ ᠢ ᠪᠠᠭᠤᠷᠠᠭᠤᠯᠬᠤ᠂ ᠰᠢᠳᠤᠷᠭᠤ ᠶᠣᠰᠣ ᠶᠢ ᠲᠣᠭᠲᠠᠭᠠᠬᠤ᠂ ᠰᠢᠨᠵᠢᠯᠡᠬᠦ ᠤᠬᠠᠭᠠᠨ᠂ ᠲᠧᠭᠨᠣᠯᠣᠭᠢ᠂ ᠢᠨ᠋᠊ᠨᠣᠸᠠᠼ᠂ ᠵᠠᠯᠠᠭᠤᠴᠤᠳ᠂ ᠵᠠᠰᠠᠭᠯᠠᠯ ᠤᠨ ᠰᠢᠨᠡᠴᠢᠯᠡᠯ ᠵᠡᠷᠭᠡ ᠲᠣᠭᠲᠠᠪᠤᠷᠢᠲᠠᠢ ᠬᠥᠭ᠍ᠵᠢᠯ ᠦᠨ ᠵᠣᠷᠢᠯᠭ᠎ᠠ ᠨᠤᠭᠤᠳ ᠢ ᠬᠠᠩᠭ᠋ᠠᠨ ᠬᠡᠷᠡᠭᠵᠢᠭᠦᠯᠬᠦ ᠳᠥ ᠡᠨᠡᠬᠦ 《ᠢᠷᠡᠭᠡᠳᠦᠢ ᠢᠢᠨ ᠠᠰᠠᠭᠤᠳᠠᠯ ᠢᠢᠠᠷ ᠬᠢ ᠳᠡᠭᠡᠳᠦ ᠲᠦᠪᠰᠢᠨ ᠦ ᠠᠭᠤᠯᠵᠠᠯᠲᠠ》 ᠨᠡᠩ ᠴᠢᠬᠤᠯᠠ ᠡᠭᠦᠷᠭᠡ ᠭᠦᠢᠴᠡᠳᠭᠡᠨ᠎ᠡ ᠭᠡᠳᠡᠭ ᠥᠦ ᠢᠲᠡᠭᠡᠯ ᠲᠡᠭᠦᠰ ᠪᠠᠢᠢᠨ᠎ᠠ᠃

ᠮᠠᠨ ᠤ ᠤᠯᠤᠰ ᠡᠨᠡᠬᠦ ᠳᠡᠭᠡᠳᠦ ᠲᠦᠪᠰᠢᠨ ᠦ ᠠᠭᠤᠯᠵᠠᠯᠲᠠ ᠢᠢᠨ ᠪᠡᠯᠡᠳᠬᠡᠯ ᠠᠵᠢᠯ ᠤᠨ ᠬᠦᠷᠢᠶᠡᠨ ᠳᠥ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠲᠠᠢ ᠬᠠᠮᠲᠤᠷᠠᠨ ᠣᠯᠠᠨ ᠠᠷᠭ᠎ᠠ ᠬᠡᠮᠵᠢᠶ᠎ᠡ ᠢᠢ ᠵᠣᠬᠢᠶᠠᠨ ᠪᠠᠢᠢᠭᠤᠯᠤᠭᠰᠠᠨ ᠪᠥᠭᠡᠳ ᠥᠩᠭᠡᠷᠡᠭᠰᠡᠨ ᠨᠠᠢᠮᠠᠳᠤᠭᠠᠷ ᠰᠠᠷ᠎ᠠ ᠳᠤ ᠳᠡᠯᠡᠬᠡᠢ ᠢᠢᠨ ᠡᠮᠡᠭᠲᠡᠶᠢᠴᠦᠳ ᠦᠨ ᠴᠢᠭᠤᠯᠭ᠎ᠠ ᠠᠭᠤᠯᠵᠠᠯᠲᠠ ᠢᠢ 《ᠨᠣᠭᠣᠭᠠᠨ ᠢᠷᠡᠭᠡᠳᠦᠢ ᠢᠢᠨ ᠲᠥᠯᠥᠭᠡ》 ᠤᠷᠢᠶ ᠠ ᠢᠢᠨ ᠳᠣᠣᠷ᠎ᠠ ᠡᠬᠡ ᠣᠷᠣᠨ ᠳᠠᠭᠠᠨ ᠠᠮᠵᠢᠯᠲᠠᠲᠠᠢ ᠵᠣᠬᠢᠶᠠᠨ ᠪᠠᠢᠢᠭᠤᠯᠵᠤ᠂ 《ᠲᠣᠭᠲᠠᠪᠤᠷᠢᠲᠠᠢ ᠢᠷᠡᠭᠡᠳᠦᠢ ᠢᠢᠨ ᠲᠥᠯᠦᠭᠡᠬᠢ ᠤᠯᠠᠭᠠᠨᠪᠠᠭᠠᠲᠤᠷ ᠤᠨ ᠲᠤᠩᠬᠠᠭᠯᠠᠯ》 ᠲᠡᠭᠦᠰᠬᠡᠯ ᠦᠨ ᠪᠠᠷᠢᠮᠲᠠ ᠪᠢᠴᠢᠭ᠌ ᠪᠠᠲᠤᠯᠠᠭᠰᠠᠨ ᠢ ᠣᠨᠴᠠᠯᠠᠨ ᠲᠡᠮᠳᠡᠭᠯᠡᠬᠦ ᠳᠥ ᠲᠠᠭᠠᠲᠠᠢ ᠪᠠᠢᠢᠨ᠎ᠠ᠃

ᠡᠨᠡᠬᠦ ᠳᠡᠯᠡᠬᠡᠢ ᠢᠢᠨ ᠡᠮᠡᠭᠲᠡᠢᠢᠴᠦᠳ ᠦᠨ ᠴᠢᠭᠤᠯᠭ᠎ᠠ ᠠᠭᠤᠯᠵᠠᠯᠲᠠ ᠠᠴᠠ ᠭᠠᠷᠤᠭᠰᠠᠨ ᠲᠤᠩᠬᠠᠭᠯᠠᠯ ᠤᠨ ᠭᠣᠣᠯ ᠦᠵᠡᠯ ᠰᠠᠨᠠᠭ᠎ᠠ ᠥᠨᠥᠳᠥᠷ ᠦᠨ ᠳᠡᠭᠡᠳᠦ ᠲᠦᠪᠰᠢᠨ ᠦ ᠠᠭᠤᠯᠵᠠᠯᠲᠠ ᠪᠠᠷ ᠪᠠᠲᠤᠯᠠᠬᠤ ᠪᠠᠷᠢᠮᠲᠠ ᠪᠢᠴᠢᠭ᠌ ᠦᠳ ᠲᠥ ᠲᠤᠰᠬᠠᠯ ᠢᠢᠠᠨ ᠣᠯᠵᠤ ᠪᠠᠢᠢᠭ᠎ᠠ ᠳᠤ ᠪᠠᠶᠠᠷᠲᠠᠢ ᠪᠠᠢᠢᠨ᠎ᠠ᠃

ᠪᠢᠳᠡ ᠴᠢᠨᠠᠭᠰᠢᠳᠠ ᠳᠡᠯᠡᠬᠡᠢ ᠢᠢᠨ ᠨᠡᠢᠢᠲᠡ ᠢᠢᠨ ᠦᠢᠯᠡ ᠬᠡᠷᠡᠭ ᠳ᠋ᠡᠬᠢ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠢᠢᠨ ᠭᠣᠣᠯᠯᠠᠬᠤ ᠡᠭᠦᠷᠭᠡ᠂ ᠵᠣᠬᠢᠴᠠᠭᠤᠯᠤᠯᠲᠠ ᠢᠢ ᠪᠣᠯᠤᠨ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠲᠥᠪ ᠲᠡᠢ ᠣᠯᠠᠨ ᠲᠠᠯᠠᠲᠤ ᠬᠠᠮᠲᠤ ᠢᠢᠨ ᠠᠵᠢᠯᠯᠠᠭ᠎ᠠ ᠢᠢ ᠤᠯᠠᠮ ᠪᠦᠷᠢ ᠪᠡᠬᠢᠵᠢᠭᠦᠯᠦᠨ ᠬᠥᠭ᠍ᠵᠢᠭᠦᠯᠬᠦ ᠢᠢᠨ ᠲᠥᠯᠦᠭᠡ ᠪᠦᠬᠦ ᠲᠠᠯ᠎ᠠ ᠪᠠᠷ ᠲᠤᠭᠤᠰᠢᠲᠠᠢ ᠳᠡᠮᠵᠢᠨ ᠠᠵᠢᠯᠯᠠᠬᠤ ᠪᠣᠯᠤᠨ᠎ᠠ᠃

ᠳᠡᠭᠡᠳᠦ ᠲᠦᠪᠰᠢᠨ ᠦ ᠠᠭᠤᠯᠵᠠᠯᠲᠠ ᠢᠢᠨ ᠦᠢᠯᠡ ᠠᠵᠢᠯᠯᠠᠭᠠᠨ ᠳᠤ ᠠᠮᠵᠢᠯᠲᠠ ᠬᠦᠰᠡᠶ᠎ᠡ᠃

ᠠᠩᠬᠠᠷᠤᠯ ᠬᠠᠨᠳᠤᠭᠤᠯᠤᠭᠰᠠᠨ ᠳᠤ ᠪᠠᠶᠠᠷᠯᠠᠯ᠎ᠠ》 ᠭᠡᠯ᠎ᠡ᠃