ᠮᠣᠩᠭ᠋᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠤᠯᠭᠤᠷ ᠲᠥᠷᠦ ᠢᠢᠨ 2227᠂ ᠶᠡᠬᠡ ᠮᠣᠩᠭ᠋᠋ᠣᠯ ᠤᠯᠤᠰ ᠤᠨ 812᠂ ᠦᠨᠳᠦᠰᠦᠨ ᠦ ᠡᠷᠬᠡ ᠴᠢᠯᠦᠭᠡᠨ ᠦ ᠬᠤᠪᠢᠰᠬᠠᠯ ᠤᠨ 107 ᠂ ᠠᠷᠠᠳ ᠤᠨ ᠬᠤᠪᠢᠰᠬᠠᠯ ᠤᠨ 97 ᠵᠢᠯ ᠦᠨ ᠣᠢ᠂ ᠠᠷᠠᠳᠴᠢᠯᠠᠭᠰᠠᠨ ᠬᠤᠪᠢᠰᠬᠠᠯ ᠤᠨ 29 ᠵᠢᠯ ᠦᠨ ᠣᠢ᠂ ᠦᠨᠳᠦᠰᠦᠨ ᠦ ᠶᠡᠬᠡ ᠪᠠᠶᠠᠷ ᠨᠠᠭᠠᠳᠤᠮ ᠢ ᠨᠡᠭᠡᠭᠡᠨ ᠦᠭᠡ ᠬᠡᠯᠡᠵᠦ᠂ ᠪᠠᠶᠠᠷ ᠨᠠᠭᠠᠳᠤᠮ ᠤᠨ ᠨᠡᠭᠡᠭᠡᠯᠲᠡ ᠢᠢᠨ ᠶᠣᠰᠣᠯᠠᠯ᠂ ᠬᠦᠴᠦᠲᠦ ᠪᠥᠬᠡ ᠢᠢᠨ ᠪᠠᠷᠢᠯᠳᠤᠭᠠᠨ ᠤ ᠨᠢᠭᠡ ᠢᠢᠨ ᠳᠠᠪᠠᠭᠠᠨ ᠤ ᠡᠬᠢᠯᠡᠯ ᠢ ᠦᠵᠡᠵᠦ ᠰᠣᠨᠢᠷᠬᠠᠭᠰᠠᠨ ᠤ ᠪᠠᠨ ᠳᠠᠷᠠᠭ᠎ᠠ ᠲᠥᠪ ᠴᠡᠩᠭᠡᠯᠳᠦᠬᠦ ᠢᠢᠨ ᠭᠠᠳᠠᠨ᠎ᠠ ᠪᠠᠢᠢᠷᠢᠯᠠᠵᠤ ᠪᠤᠢ ᠮᠣᠩᠭ᠋ᠤᠯ ᠤᠨ ᠦᠨᠳᠦᠰᠦᠨ ᠦ ᠣᠯᠠᠨ ᠨᠡᠢᠢᠲᠡ ᠢᠢᠨ ᠲᠧᠯᠧᠸᠢᠽ ᠍ ᠦᠨ ᠠᠰᠠᠷ ᠢᠶᠠᠷ ᠵᠣᠴᠢᠯᠠᠵᠤ᠂ ᠶᠠᠷᠢᠯᠴᠠᠯᠭ᠎ᠠ ᠥᠭ᠍ᠪᠡ᠃
–ᠡᠷᠬᠢᠮ ᠶᠡᠷᠦᠩᠬᠡᠢᠢᠯᠡᠭᠴᠢ ᠬ ∙ ᠪᠠᠲᠤᠲᠤᠯᠭ᠎ᠠ ᠲᠠᠨ ᠢ ᠮᠠᠨ ᠤ ᠠᠰᠠᠷ ᠲᠤ ᠬᠦᠷᠦᠯᠴᠡᠨ ᠢᠷᠡᠭᠰᠡᠨ ᠳᠥ ᠭᠦᠨ ᠲᠠᠯᠠᠷᠬᠠᠵᠤ ᠪᠠᠢᠢᠨ᠎ᠠ᠃
-ᠪᠠᠶᠠᠷᠯᠠᠯ᠎ᠠ᠃ ᠰᠠᠢᠢᠬᠠᠨ ᠨᠠᠭᠠᠳᠴᠤ ᠪᠠᠢᠢᠨ᠎ᠠ ᠤᠤ᠃
–ᠰᠠᠢᠢᠬᠠᠨ ᠨᠠᠭᠠᠳᠴᠤ ᠪᠠᠢᠢᠨ᠎ᠠ᠃ ᠲᠠ ᠰᠠᠢᠢᠬᠠᠨ ᠨᠠᠭᠠᠳᠴᠤ ᠪᠠᠢᠢᠨ᠎ᠠ ᠤᠤ?
-ᠰᠠᠢᠢᠬᠠᠨ ᠨᠠᠭᠠᠳᠴᠤ ᠪᠠᠢᠢᠨ᠎ᠠ᠃ ᠲᠠᠨ ᠤ ᠲᠧᠯᠧᠸᠢᠽ ᠦᠨ ᠠᠰᠠᠷ ᠢᠶᠠᠷ ᠬᠣᠶᠠᠷ ᠳ᠋ᠠᠬᠢ ᠤᠳᠠᠭ᠎ᠠ ᠪᠠᠨ ᠵᠣᠴᠢᠯᠠᠵᠤ ᠪᠠᠢᠢᠨ᠎ᠠ᠃ ᠮᠥᠨ ᠦᠨᠳᠦᠰᠦᠨ ᠦ ᠶᠡᠬᠡ ᠪᠠᠶᠠᠷ ᠨᠠᠭᠠᠳᠤᠮ ᠢᠶᠠᠨ ᠬᠣᠶᠠᠷ ᠳ᠋ᠠᠬᠢ ᠤᠳᠠᠭ᠎ᠠ ᠪᠠᠨ ᠨᠡᠭᠡᠭᠡᠯ᠎ᠡ᠃ ᠨᠠᠭᠠᠳᠤᠮ ᠤᠨ ᠨᠡᠭᠡᠭᠡᠯᠲᠡ ᠮᠣᠩᠭ᠋ᠣᠯ ᠠᠬᠤᠢ ᠢᠢ ᠬᠠᠷᠠᠭᠤᠯᠤᠭᠰᠠᠨ ᠥᠪᠡᠷᠮᠢᠴᠡ᠂ ᠰᠠᠢᠢᠬᠠᠨ ᠪᠣᠯᠤᠯ᠎ᠠ᠃
–ᠲᠠ ᠶᠡᠷᠦᠩᠬᠡᠢᠢᠯᠡᠭᠴᠢ ᠢᠢᠨ ᠬᠤᠪᠢ ᠪᠠᠷ ᠡᠨᠡ ᠵᠢᠯ ᠦᠨ ᠨᠠᠭᠠᠳᠤᠮ ᠢ ᠮᠣᠩᠭ᠋ᠣᠯ ᠲᠦᠮᠡᠨ ᠳᠥ ᠪᠡᠨ ᠶᠠᠮᠠᠷ ᠪᠡᠯᠭᠡᠰᠢᠶᠡᠯ ᠲᠡᠢ ᠪᠡᠷ ᠤᠭᠲᠤᠵᠤ ᠪᠠᠢᠢᠨ᠎ᠠ᠃ ᠲᠥᠷᠥ ᠢᠢᠨ ᠲᠡᠷᠢᠭᠦᠨ ᠦ ᠬᠤᠪᠢ ᠪᠠᠷ ᠬᠣᠶᠠᠷ ᠳ᠋ᠠᠬᠢ ᠤᠳᠠᠭ᠎ᠠ ᠪᠠᠨ ᠨᠠᠭᠠᠳᠤᠮ ᠢᠶᠠᠨ ᠨᠡᠭᠡᠭᠡᠯ᠎ᠡ᠃ ᠶᠠᠮᠠᠷ ᠰᠡᠳᠬᠢᠭ᠍ᠳᠡᠯ ᠲᠡᠢ ᠪᠠᠢᠢᠨ᠎ᠠ ᠪᠤᠢ?
-ᠲᠡᠢᠢᠮᠦ᠃ ᠮᠣᠩᠭ᠋ᠣᠯ ᠨᠠᠭᠠᠳᠤᠮ ᠢ ᠨᠡᠭᠡᠭᠡᠬᠦ ᠠᠮᠤᠷ ᠠᠰᠠᠭᠤᠳᠠᠯ ᠪᠢᠰᠢ᠃ ᠥᠩᠭᠡᠷᠡᠭᠰᠡᠨ ᠵᠢᠯ ᠲᠠᠩᠭ᠋ᠠᠷᠢᠭ ᠡᠷᠭᠦᠭᠡᠳ ᠯᠠ ᠶᠠᠮᠠᠷ ᠴᠤ ᠪᠡᠯᠡᠳᠬᠡᠯ ᠦᠭᠡᠢ ᠰᠢᠬᠠᠭᠤ ᠪᠠᠢᠢᠵᠤ ᠪᠠᠢᠢᠭᠠᠳ ᠨᠠᠭᠠᠳᠤᠮ ᠨᠡᠭᠡᠭᠡᠬᠦ ᠳᠥ ᠪᠡᠨ ᠪᠠᠭ᠎ᠠ ᠵᠡᠷᠭᠡ ᠰᠠᠨᠳᠤᠷᠴᠤ ᠪᠠᠢᠢᠭ᠎ᠠ ᠶᠤᠮ ᠰᠢᠭ ᠮᠡᠳᠡᠷᠡᠮᠵᠢ ᠲᠡᠢ ᠪᠠᠢᠢᠭᠰᠠᠨ᠃ ᠲᠤᠬᠠᠢ ᠢᠢᠨ ᠦᠶ᠎ᠡ ᠳᠡᠭᠡᠨ ᠰᠠᠨᠳᠤᠷᠤᠭᠠᠳ ᠯᠠ ᠪᠠᠢᠢᠭ᠎ᠠ ᠪᠣᠯᠪᠠ ᠤᠤ ᠭᠡᠵᠦ ᠪᠣᠳᠣᠵᠤ ᠪᠠᠢᠢᠭᠰᠠᠨ ᠴᠤ ᠡᠨᠡ ᠵᠢᠯ ᠠᠳᠠᠯᠢᠬᠠᠨ ᠮᠡᠳᠡᠷᠡᠮᠵᠢ ᠲᠡᠢ ᠪᠠᠢᠢᠯ᠎ᠠ᠃ ᠤᠯᠠᠮᠵᠢᠯᠠᠯ ᠢᠶᠠᠨ ᠬᠦᠨᠳᠦᠳᠬᠡᠭᠰᠡᠨ ᠠᠢᠢᠳᠠᠰ ᠪᠠᠢᠢᠬᠤ᠃
–ᠲᠥᠷᠥ ᠪᠣᠯ ᠶᠣᠰᠣ ᠬᠦᠨᠳᠦᠳᠬᠡᠯ ᠶᠤᠮ ᠭᠡᠵᠦ ᠲᠣᠪᠴᠢᠬᠠᠨ ᠦᠭᠦᠯᠡᠳᠡᠭ᠃ ᠥᠴᠥᠭᠡᠳᠦᠷ ᠲᠠ ᠲᠥᠷᠥ ᠢᠢᠨ ᠳᠠᠯᠪᠠᠭ᠎ᠠ ᠴᠢᠩᠭᠢᠭᠦᠯᠬᠦ ᠶᠣᠰᠣᠯᠠᠯ ᠳᠡᠭᠡᠷ᠎ᠡ 《…ᠮᠣᠩᠭ᠋ᠣᠯ ᠶᠣᠰᠣ ᠵᠠᠩᠰᠢᠯ᠂ ᠥᠪ ᠤᠯᠠᠮᠵᠢᠯᠠᠯ ᠢ ᠳᠠᠷᠬᠠᠯᠠᠬᠤ ᠬᠡᠷᠡᠭᠲᠡᠢ…》 ᠭᠡᠰᠡᠨ ᠤᠳᠬ᠎ᠠ ᠲᠠᠢ ᠦᠭᠡ ᠬᠡᠯᠡᠭᠰᠡᠨ᠃ ᠴᠢᠨᠠᠭᠰᠢᠳᠠ ᠪᠠᠨ ᠮᠣᠩᠭ᠋ᠣᠯ ᠨᠠᠭᠠᠳᠤᠮ ᠢ ᠳᠡᠯᠡᠬᠡᠢ ᠳᠥ ᠰᠤᠷᠲᠠᠯᠴᠢᠯᠠᠬᠤ᠂ ᠶᠣᠰᠣᠯᠠᠯ᠂ ᠬᠦᠨᠳᠦᠳᠬᠡᠯ ᠢᠢᠡᠨ ᠵᠠᠯᠠᠭᠤ᠂ ᠬᠣᠢᠢᠴᠢ ᠦᠶ᠎ᠡ ᠳᠡᠭᠡᠨ ᠥᠪᠯᠡᠭᠦᠯᠬᠦ ᠲᠠᠯ᠎ᠠ ᠪᠠᠷ ᠶᠠᠮᠠᠷ ᠪᠣᠳᠣᠯ ᠲᠠᠢ ᠪᠠᠢᠢᠨ᠎ᠠ ᠪᠤᠢ?
-ᠠᠯᠢᠪᠠ ᠲᠤᠰᠠᠭᠠᠷ ᠲᠣᠭᠲᠠᠨᠢᠭᠰᠠᠨ ᠤᠯᠤᠰ ᠪᠣᠯᠭᠠᠨ ᠥᠪᠡᠷᠰᠡᠳ ᠦᠨ ᠢᠶᠡᠨ ᠥᠪ ᠰᠤᠶᠤᠯ᠂ ᠲᠡᠦᠬᠡ ᠤᠯᠠᠮᠵᠢᠯᠠᠯ ᠢ ᠬᠠᠳᠠᠭᠠᠯᠠᠵᠤ ᠦᠯᠡᠳᠡᠭᠡᠳ᠂ ᠲᠡᠭᠦᠨ ᠢ ᠪᠡᠨ ᠣᠷᠴᠢᠨ ᠴᠠᠭ ᠲᠠᠢ ᠪᠠᠨ ᠤᠶᠠᠯᠳᠤᠭᠤᠯᠤᠨ ᠠᠪᠴᠤ ᠶᠠᠪᠤᠬᠤ ᠡᠭᠦᠷᠭᠡ ᠲᠡᠢ ᠪᠠᠢᠢᠳᠠᠭ᠃ ᠲᠡᠷᠡ ᠡᠭᠦᠷᠭᠡ ᠪᠢᠳᠡᠨ ᠦ ᠦᠶ᠎ᠡ ᠳᠥ ᠢᠷᠡᠭᠰᠡᠨ᠃
ᠵᠢᠱᠢᠶ᠎ᠡ ᠨᠢ᠂ ᠡᠷ᠎ᠡ ᠢᠢᠨ ᠭᠤᠷᠪᠠᠨ ᠨᠠᠭᠠᠳᠤᠮ ᠭᠡᠵᠦ ᠬᠡᠯᠡᠭᠳᠡᠳᠡᠭ ᠪᠥᠬᠡ ᠢᠢᠨ ᠪᠠᠷᠢᠯᠳᠤᠭᠠᠨ᠂ ᠰᠤᠷ ᠬᠠᠷᠪᠤᠭ᠎ᠠ᠂ ᠬᠤᠷᠳᠤᠨ ᠮᠣᠷᠢᠨ ᠤ ᠤᠷᠤᠯᠳᠤᠭᠠᠨ ᠪᠤᠢ᠃ ᠡᠭᠦᠨ ᠢ ᠬᠡᠷᠬᠢᠨ ᠬᠠᠳᠠᠭᠠᠯᠠᠵᠤ᠂ ᠠᠪᠴᠤ ᠦᠯᠡᠳᠡᠬᠦ ᠪᠤᠢ ᠭᠡᠳᠡᠭ ᠨᠢ ᠠᠰᠠᠭᠤᠳᠠᠯ ᠳᠠᠭᠠᠭᠤᠯᠵᠤ ᠪᠠᠢᠢᠭ᠎ᠠ᠃ ᠪᠥᠬᠡᠴᠦᠳ ᠬᠣᠭᠣᠷᠣᠨᠳᠣ ᠪᠠᠨ ᠮᠠᠷᠭᠤᠯᠳᠤᠵᠤ ᠪᠠᠢᠢᠭ᠎ᠠ ᠨᠢ ᠴᠤ ᠴᠠᠭ ᠦᠶ᠎ᠡ ᠨᠢ ᠱᠠᠭᠠᠷᠳᠠᠭᠰᠠᠨ ᠰᠢᠨᠡᠴᠢᠯᠡᠯ᠃ ᠡᠭᠦᠨ ᠢ ᠡᠪᠲᠡᠢᠢᠬᠡᠨ ᠳᠠᠪᠠᠴᠢᠬᠠᠪᠠᠯ ᠠᠰᠠᠭᠤᠳᠠᠯ ᠪᠠᠭ᠎ᠠ ᠭᠠᠷᠤᠨ᠎ᠠ᠃ ᠲᠡᠭᠡᠬᠦ ᠪᠡᠷ ᠤᠯᠤᠰ ᠤᠨ ᠨᠠᠭᠠᠳᠤᠮ ᠪᠤᠶᠤ ᠨᠡᠭᠦᠳᠡᠯᠴᠢᠳ ᠦᠨ ᠰᠤᠶᠤᠯ ᠢ ᠬᠠᠳᠠᠭᠠᠯᠠᠭᠰᠠᠨ ᠨᠠᠭᠠᠳᠤᠮ ᠢᠶᠠᠨ ᠳᠡᠯᠡᠬᠡᠢ ᠳᠥ ᠬᠡᠷᠬᠢᠨ ᠲᠠᠨᠢᠭᠤᠯᠬᠤ ᠪᠤᠢ ᠭᠡᠳᠡᠭ ᠢᠶᠡᠨ ᠶᠠᠷᠢᠬᠤ ᠶᠣᠰᠣᠲᠠᠢ᠃ ᠣᠯᠢᠮᠫ ᠵᠡᠷᠭᠡ ᠲᠣᠮᠣᠬᠠᠨ ᠠᠷᠭ᠎ᠠ ᠬᠡᠮᠵᠢᠶ᠎ᠡ ᠪᠢᠳᠡᠨ ᠦ ᠮᠡᠳᠡᠵᠦ ᠪᠠᠢᠢᠭᠠᠴᠢᠯᠠᠨ ᠣᠷᠣᠢ ᠢᠢᠨ ᠴᠠᠭ ᠢᠶᠠᠷ ᠪᠣᠯᠳᠠᠭ᠃ ᠨᠠᠷᠠ ᠪᠠᠭᠤᠭᠰᠠᠨ ᠤ ᠳᠠᠷᠠᠭ᠎ᠠ ᠨᠡᠭᠡᠭᠡᠯᠲᠡ ᠪᠡᠨ ᠬᠢᠵᠦ ᠪᠠᠢᠢᠭ᠎ᠠ ᠨᠢ ᠤᠴᠢᠷ ᠲᠠᠢ᠃ ᠲᠡᠭᠡᠬᠦ ᠪᠡᠷ ᠦᠨᠳᠦᠰᠦᠨ ᠦ ᠶᠡᠬᠡ ᠪᠠᠶᠠᠷ ᠨᠠᠭᠠᠳᠤᠮ ᠤᠨ ᠲᠤᠭ ᠵᠠᠯᠠᠬᠤ ᠶᠣᠰᠣᠯᠠᠯ ᠢᠶᠠᠨ ᠡᠳᠦᠷ ᠬᠢᠭᠡᠳ᠂ ᠵᠠᠷᠢᠮ ᠶᠣᠰᠣᠯᠠᠯ᠂ ᠨᠡᠭᠡᠭᠡᠯᠲᠡ ᠢᠢ ᠣᠷᠣᠢ ᠬᠢᠬᠦ ᠪᠣᠯᠤᠮᠵᠢ ᠪᠤᠢ᠃
ᠮᠥᠨ ᠨᠠᠭᠠᠳᠤᠮ ᠢᠶᠠᠷ ᠦᠨᠳᠦᠰᠦᠨ ᠦ ᠪᠥᠬᠡ ᠪᠡᠷ ᠴᠡᠷᠢᠭ ᠪᠠᠷᠢᠯᠳᠤᠭᠤᠯᠬᠤ ᠳᠤ ᠪᠠᠨ ᠠᠷᠠᠢ ᠪᠡᠶ᠎ᠡ᠂ ᠬᠠ ᠰᠠᠢᠢᠲᠠᠢ ᠴᠡᠷᠢᠭ ᠦᠳ ᠢ ᠪᠠᠷᠢᠯᠳᠤᠭᠤᠯᠬᠤ ᠬᠡᠷᠡᠭᠲᠡᠢ ᠪᠠᠢᠢᠨ᠎ᠠ ᠵᠡᠷᠭᠡ ᠰᠠᠨᠠᠭ᠎ᠠ ᠨᠤᠭᠤᠳ ᠢᠶᠠᠨ ᠨᠠᠭᠠᠳᠤᠮ ᠤᠨ ᠵᠣᠬᠢᠶᠠᠨ ᠪᠠᠢᠢᠭᠤᠯᠬᠤ ᠺᠣᠮᠢᠰ ᠲᠤ ᠬᠡᠯᠡᠭᠡᠳ ᠠᠮᠵᠢᠯ᠎ᠠ᠃ ᠮᠣᠩᠭ᠋ᠣᠯ ᠤᠯᠤᠰ ᠢᠶᠠᠨ ᠰᠤᠷᠲᠠᠯᠴᠢᠯᠠᠬᠤ ᠪᠠᠰᠠ ᠨᠢᠭᠡ ᠲᠣᠮᠣ ᠬᠡᠰᠡᠭ ᠰᠢᠦ ᠳ᠋ᠡ᠃
–ᠪᠠᠶᠠᠷᠯᠠᠯ᠎ᠠ᠃ ᠲᠠᠨ ᠤ ᠠᠵᠢᠯ ᠳᠤ ᠥᠨᠳᠥᠷ ᠠᠮᠵᠢᠯᠲᠠ ᠬᠦᠰᠡᠨ ᠢᠷᠦᠭᠡᠶ᠎ᠡ᠃
-ᠪᠠᠶᠠᠷᠯᠠᠯ᠎ᠠ᠃ ᠲᠠ ᠪᠦᠬᠦᠨ ᠰᠠᠢᠢᠬᠠᠨ ᠨᠠᠭᠠᠳᠤᠭᠠᠷᠠᠢ᠃