ᠶᠡᠬᠡ ᠡᠵᠡᠨ ᠴᠢᠩ᠋ᠭᠢᠰ ᠬᠠᠭᠠᠨ ᠤ ᠮᠡᠨᠳᠦᠯᠡᠭᠰᠡᠨ ᠦ 862 ᠵᠢᠯ ᠦᠨ ᠣᠢ᠂ «ᠮᠣᠩ᠋ᠭᠤᠯ ᠪᠠᠬᠠᠷᠬᠠᠯ ᠤᠨ ᠡᠳᠦᠷ» ᠢ ᠲᠣᠬᠢᠶᠠᠯᠳᠤᠭᠤᠯᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠪᠠᠷ «ᠪᠣᠭᠳᠠ ᠬᠠᠭᠠᠨ ᠤ ᠤᠷᠳᠦᠨ» ᠮᠦᠽᠧᠶ ᠳᠥ ᠠᠩᠬ᠎ᠠ ᠤᠳᠠᠭ᠎ᠠ «ᠠᠯᠲᠠᠨ ᠬᠠᠷ᠎ᠠ ᠲᠣᠷᠴᠠ» ᠪᠠᠭᠠᠲᠤᠷᠯᠢᠭ ᠲᠤᠤᠯᠢ ᠬᠠᠢᠢᠯᠠᠯ᠎ᠠ᠃
ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠭᠣ᠊᠂ ᠽᠠᠨᠳᠠᠨᠰᠢᠠᠲᠠᠷ ᠠ ᠶᠣᠰᠤᠯᠠᠯ ᠢ ᠨᠡᠭᠡᠭᠡᠵᠦ ᠬᠡᠯᠡᠭᠰᠡᠨ ᠦᠭᠡᠨ ᠳᠡᠭᠡᠨ᠂ ᠮᠣᠩ᠋ᠭᠤᠯ ᠪᠠᠭᠠᠲᠤᠷᠯᠢᠭ ᠲᠤᠤᠯᠢᠰ ᠤᠨ ᠠᠭᠤᠯᠭ᠎ᠠ᠂ ᠠᠴᠢ ᠬᠣᠯᠪᠤᠭᠳᠠᠯ ᠢ ᠲᠠᠨᠢᠵᠤ ᠣᠢᠢᠯᠠᠭᠠᠬᠤ᠂ ᠳᠡᠮᠵᠢᠨ ᠳᠡᠯᠭᠡᠷᠡᠭᠦᠯᠬᠦ᠂ ᠥᠪ ᠰᠣᠶᠤᠯ ᠢᠶᠠᠨ ᠬᠦᠨᠳᠦᠳᠬᠡᠨ ᠳᠡᠭᠡᠳᠦᠯᠡᠬᠦ᠂ ᠬᠠᠳᠠᠭᠠᠯᠠᠬᠤ᠂ ᠤᠯᠠᠮᠵᠢᠯᠠᠭᠤᠯᠤᠨ ᠬᠠᠮᠠᠭᠠᠯᠠᠬᠤ ᠦᠢᠯᠡᠰ ᠲᠥ ᠢᠳᠡᠪᠬᠢ᠂ ᠰᠠᠨᠠᠭᠠᠴᠢᠯᠠᠭ᠎ᠠ ᠲᠠᠢ ᠣᠷᠤᠯᠴᠠᠵᠤ ᠪᠠᠢᠢᠭ ᠠ ᠪᠠᠢᠢᠭᠤᠯᠤᠯᠭ᠎ᠠ᠂ ᠡᠷᠳᠡᠮᠲᠡᠨ ᠰᠤᠳᠤᠯᠤᠭᠠᠴᠢ᠂ ᠣᠶᠤᠲᠠᠨ ᠨᠤᠭᠤᠳ ᠲᠤ ᠲᠠᠯᠠᠷᠬᠠᠯ ᠢᠯᠡᠷᠬᠡᠢᠢᠯᠡᠯ ᠡ᠃
ᠰᠢᠨᠵᠢᠯᠠᠬᠦ ᠤᠬᠠᠭᠠᠨ ᠤ ᠠᠻᠠᠳᠧᠮᠢ ᠢᠢᠨ ᠬᠡᠯᠡ ᠵᠣᠬᠢᠶᠠᠯ ᠤᠨ ᠬᠦᠷᠢᠶᠡᠯᠡᠩ ᠦᠨ ᠡᠷᠳᠡᠮ ᠰᠢᠨᠵᠢᠯᠡᠭᠡᠨ ᠦ ᠠᠵᠢᠯᠲᠠᠨ᠂ ᠳ᠋ᠣᠻᠲ᠋ᠤᠷ ᠲ᠋᠊᠂ ᠪᠠᠶᠠᠰᠬᠤᠯᠠᠩ᠂ ᠮᠣ᠊᠂ ᠤ᠊᠂ ᠪᠣ᠊᠂ ᠶᠡ᠊᠂ ᠰᠤᠷᠭᠠᠭᠤᠯᠢ ᠢᠢᠨ ᠪᠠᠭᠰᠢ᠂ ᠳ᠋ᠣᠻᠲ᠋ᠤᠷ ᠪ᠊᠂ ᠨᠠᠩᠵᠢᠳ ᠨᠠᠷ ᠮᠣᠩ᠋ᠭᠤᠯ ᠲᠤᠤᠯᠢ ᠬᠠᠢᠢᠯᠠᠬᠤ ᠵᠠᠩ ᠦᠢᠯᠡ᠂ «ᠠᠯᠲᠠᠨ ᠬᠠᠷ᠎ᠠ ᠲᠣᠷᠴᠠ» ᠲᠤᠤᠯᠢ ᠪᠣᠯᠤᠨ ᠲᠤᠤᠯᠢᠴᠢᠳ ᠢ ᠲᠠᠨᠢᠯᠴᠠᠭᠤᠯᠪᠠ᠃
ᠮᠣᠩ᠋ᠭᠤᠯ ᠤᠯᠤᠰ ᠤᠨ ᠰᠣᠶᠤᠯ ᠤᠨ ᠭᠠᠪᠢᠶᠠᠲᠤ ᠵᠢᠳᠬᠦᠯᠲᠡᠨ᠂ ᠲᠤᠤᠯᠢᠴᠢ ᠡ᠊᠂ ᠪᠠᠭᠠᠲᠤᠷᠵᠠᠪ᠂ ᠰᠣᠶᠤᠯ ᠤᠨ ᠭᠠᠪᠢᠶᠠᠲᠤ ᠵᠢᠳᠬᠦᠯᠲᠡᠨ᠂ ᠲᠤᠤᠯᠢᠴᠢ ᠠ᠊᠂ ᠪᠠᠯᠳᠠᠨᠳᠣᠷᠵᠢ ᠨᠠᠷ «ᠠᠯᠲᠠᠶ ᠢᠢᠨ ᠮᠠᠭᠲᠠᠭᠠᠯ» ᠬᠠᠢᠢᠯᠠᠭᠰᠠᠨ ᠤ ᠳᠠᠷᠠᠭ᠎ᠠ ᠲᠤᠤᠯᠢᠴᠢ ᠳᠤ «ᠠᠮᠤᠭᠤᠯᠠᠩ ᠲᠥᠷᠦ ᠢᠢ ᠪᠠᠢᠢᠭᠤᠯᠵᠤ᠂ ᠠᠷᠪᠠᠨ ᠬᠣᠣᠷ ᠢ ᠲᠠᠰᠤᠯᠤᠭᠴᠢ ᠠᠯᠲᠠᠨ ᠬᠠᠷ᠎ᠠ ᠲᠣᠷᠴᠠ» ᠶᠡᠬᠡ ᠬᠥᠯᠭᠡᠨ ᠲᠤᠤᠯᠢ ᠬᠠᠢᠢᠯᠠᠯ᠎ᠠ᠃
ᠲᠤᠤᠯᠢ ᠬᠠᠢᠢᠯᠠᠬᠤ ᠶᠣᠰᠤᠯᠠᠯ ᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ «ᠪᠣᠭᠳᠠ ᠬᠠᠭᠠᠨ ᠤ ᠤᠷᠳᠦᠨ» ᠮᠦᠽᠧᠶ᠂ ᠮᠣ᠊᠂ ᠤ᠊᠂ ᠶᠡ᠊᠂ ᠰᠤᠷᠭᠠᠭᠤᠯᠢ ᠢᠢᠨ ᠤᠳᠬ᠎ᠠ ᠵᠣᠬᠢᠶᠠᠯ᠂ ᠤᠷᠠᠯᠢᠭ ᠰᠤᠳᠤᠯᠤᠯ ᠤᠨ ᠲᠢᠩᠬᠢᠮ ᠬᠠᠮᠲᠤᠷᠠᠨ ᠵᠣᠬᠢᠶᠠᠨ ᠪᠠᠢᠢᠭᠤᠯᠤᠯ ᠠ᠃ «ᠮᠣᠩ᠋ᠭᠤᠯ ᠪᠠᠭᠠᠲᠤᠷᠯᠢᠭ ᠲᠤᠤᠯᠢᠰ ᠢᠢᠠᠨ ᠳᠡᠭᠡᠳᠦᠯᠦᠨ ᠳᠡᠯᠭᠡᠷᠡᠭᠦᠯᠬᠦ ᠲᠤᠬᠠᠶ» ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ 2019 ᠣᠨ ᠤ 13 ᠳ᠋ᠤᠭᠠᠷ ᠵᠠᠷᠯᠢᠭ ᠤᠨ ᠳᠠᠭᠠᠭᠤ ᠵᠢᠯ ᠪᠦᠷᠶ ᠢᠢᠨ ᠬᠠᠪᠤᠷ ᠤᠨ ᠲᠡᠷᠢᠭᠦᠨ ᠪᠣᠯᠤᠨ ᠡᠪᠦᠯ ᠦᠨ ᠲᠡᠷᠢᠭᠦᠨ ᠰᠠᠷ᠎ᠠ ᠢᠢᠨ ᠰᠢᠨ᠎ᠡ ᠢᠢᠨ ᠭᠤᠷᠪᠠᠨ ᠤ ᠡᠳᠦᠷ ᠪᠠᠭᠠᠲᠤᠷᠯᠢᠭ ᠲᠤᠤᠯᠢᠰ ᠬᠠᠢᠢᠯᠠᠳᠠᠭ ᠤᠯᠠᠮᠵᠢᠯᠠᠯ ᠲᠠᠢ ᠶᠤᠮ᠃