ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠬᠦᠢ ᠳᠣᠯᠣᠭᠠᠨ ᠬᠤᠳᠳᠤᠭ ᠲᠤ ᠲᠥᠪ ᠠᠢᠢᠮᠠᠭ ᠤᠨ ᠤᠭᠲᠠᠭᠠᠯᠴᠠᠢᠢᠳᠠᠮ ᠰᠤᠮᠤ ᠢᠢᠨ ᠠᠯᠳᠠᠷᠲᠤ ᠤᠶᠠᠭᠠᠴᠢ ᠪ ∙ ᠪᠠᠲᠤᠲᠥ᠋ᠷᠦ ᠢᠢᠨ ᠭᠠᠯ ᠢᠶᠠᠷ ᠵᠣᠴᠢᠯᠠᠯ᠎ᠠ᠃
ᠲᠤᠯᠭᠤᠷ ᠲᠥᠷᠦ ᠢᠢᠨ 2227᠂ ᠶᠡᠬᠡ ᠮᠣᠩᠭ᠋᠋ᠣᠯ ᠤᠯᠤᠰ ᠤᠨ 812᠂ ᠦᠨᠳᠦᠰᠦᠨ ᠦ ᠡᠷᠬᠡ ᠴᠢᠯᠦᠭᠡᠨ ᠦ ᠬᠤᠪᠢᠰᠬᠠᠯ ᠤᠨ 107 ᠂ ᠠᠷᠠᠳ ᠤᠨ ᠬᠤᠪᠢᠰᠬᠠᠯ ᠤᠨ 97 ᠵᠢᠯ ᠦᠨ ᠣᠢ᠂ ᠠᠷᠠᠳᠴᠢᠯᠠᠭᠰᠠᠨ ᠬᠤᠪᠢᠰᠬᠠᠯ ᠤᠨ 29 ᠵᠢᠯ ᠦᠨ ᠣᠢ᠂ ᠦᠨᠳᠦᠰᠦᠨ ᠦ ᠶᠡᠬᠡ ᠪᠠᠶᠠᠷ ᠨᠠᠭᠠᠳᠤᠮ ᠳᠤ 199 ᠠᠵᠢᠷᠭ᠎ᠠ ᠪᠦᠷᠢᠳᠬᠡᠭᠦᠯᠦᠭᠰᠡᠨ ᠡᠴᠡ 153 ᠬᠤᠷᠳᠤᠨ ᠬᠦᠯᠦᠭ ᠰᠢᠨᠳᠠᠰᠤ ᠪᠠᠨ ᠰᠣᠷᠢᠵᠤ᠂ ᠲᠥᠪ ᠠᠢᠢᠮᠠᠭ ᠤᠨ ᠤᠭᠲᠠᠭᠠᠯᠴᠠᠢᠢᠳᠠᠮ ᠰᠤᠮᠤ ᠢᠢᠨ ᠠᠯᠳᠠᠷᠲᠤ ᠤᠶᠠᠭᠠᠴᠢ ᠪ ∙ ᠪᠠᠲᠤᠲᠥ᠋ᠷᠦ ᠢᠢᠨ ᠪᠢᠳᠡᠷᠲᠦ ᠬᠤᠯᠠ ᠠᠵᠢᠷᠭ᠎ᠠ ᠢᠢ ᠨᠠᠢᠢᠮᠠᠨ ᠨᠠᠰᠤᠲᠠᠢ ᠠ᠊ ∙ ᠪᠤᠶᠠᠨᠵᠢᠷᠭᠠᠯ ᠬᠤᠷᠳᠤᠯᠠᠭᠤᠯᠵᠤ᠂ ᠲᠦᠷᠦᠭᠦᠦ ᠮᠠᠩᠨᠠᠢ ᠳᠤ ᠣᠷᠣᠵᠤ ᠢᠷᠡᠭᠰᠡᠨ ᠶᠤᠮ᠃
ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠰᠤᠮᠤ ᠢᠢᠨ ᠠᠯᠳᠠᠷᠲᠤ ᠪ ∙ ᠪᠠᠲᠤᠲᠥ᠋ᠷᠦ ᠢᠢᠨ ᠭᠠᠯ ᠢᠶᠠᠷ ᠵᠣᠴᠢᠯᠠᠬᠤ ᠳᠤ ᠪᠠᠨ ᠪᠢᠳᠡᠷᠲᠦ ᠬᠤᠯᠠ ᠠᠵᠢᠷᠭ᠎ᠠ ᠨᠢ ᠲᠦᠷᠦᠭᠦᠯᠡᠵᠦ᠂ ᠨᠠᠭᠠᠳᠤᠮᠴᠢᠨ ᠣᠯᠠᠨ ᠢᠶᠠᠨ ᠪᠠᠶᠠᠰᠬᠠᠭᠰᠠᠨ ᠳᠤ ᠨᠢ ᠪᠠᠶᠠᠷ ᠬᠦᠷᠭᠡᠵᠦ᠂ ᠬᠥᠭᠥᠷᠭᠡ ᠵᠥᠷᠢᠭᠦᠯᠦᠭᠰᠡᠨ ᠶᠤᠮ᠃ ᠡᠨᠡ ᠦᠶ᠎ᠡ ᠪᠡᠷ ᠰᠤᠮᠤ ᠢᠢᠨ ᠠᠯᠳᠠᠷᠲᠤ ᠤᠶᠠᠭᠠᠴᠢ ᠪ ∙ ᠪᠠᠲᠤᠲᠥ᠋ᠷᠦ ᠲᠥᠷᠥ ᠢᠢᠨ ᠲᠡᠷᠢᠭᠦᠨ ᠮᠣᠷᠢᠯᠠᠨ ᠰᠠᠭᠠᠳᠠᠵᠤ ᠪᠠᠢᠢᠭᠠᠳ ᠪᠡᠯᠭᠡᠰᠢᠶᠡᠵᠦ᠂ ᠨᠠᠭᠠᠳᠤᠮ ᠤᠨ ᠰᠣᠨᠢᠨ ᠰᠠᠢᠢᠬᠠᠨ ᠠᠴᠠ ᠬᠠᠭᠤᠴᠢᠯᠠᠯ᠎ᠠ᠃
ᠰᠤᠮᠤ ᠢᠢᠨ ᠠᠯᠳᠠᠷᠲᠤ ᠤᠶᠠᠭᠠᠴᠢ ᠪ ∙ ᠪᠠᠲᠤᠲᠥ᠋ᠷᠦ《2009 ᠣᠨ ᠳᠤ ᠮᠣᠷᠢ ᠰᠣᠨᠢᠷᠬᠠᠵᠤ ᠡᠬᠢᠯᠡᠭᠰᠡᠨ᠃ ᠲᠡᠭᠦᠨ ᠡᠴᠡ ᠬᠣᠢᠢᠰᠢ ᠶᠡᠬᠡ ᠰᠤᠷᠭᠠᠭᠤᠯᠢ ᠪᠠᠨ ᠳᠦᠭᠦᠷᠭᠡᠭᠡᠳ ᠮᠣᠷᠢ ᠤᠶᠠᠵᠤ ᠡᠬᠢᠯᠡᠭᠰᠡᠨ᠃ ᠤᠨᠤᠭᠠᠴᠢ ᠬᠡᠦᠬᠡᠳ ᠮᠠᠨᠢ ᠨᠠᠢᠢᠮᠠᠨ ᠨᠠᠰᠤᠲᠠᠢ᠃ ᠪᠢᠳᠡᠷᠲᠦ ᠬᠤᠯᠠ ᠠᠵᠢᠷᠭ᠎ᠠ ᠮᠠᠨᠢ ᠰᠦᠬᠡᠪᠠᠭᠠᠲᠤᠷ ᠠᠢᠢᠮᠠᠭ ᠤᠨ ᠬᠠᠯᠵᠠᠨ ᠰᠤᠮᠤ ᠢᠢᠨ ᠬᠠᠷᠢᠶᠠᠲᠤ ᠠᠢᠢᠮᠠᠭ ᠤᠨ ᠠᠯᠳᠠᠷᠲᠤ ᠤᠶᠠᠭᠠᠴᠢ ᠰᠦᠬᠡᠳᠣᠷᠵᠢ ᠢᠢᠨ ᠭᠣᠮᠪᠣᠰᠦ᠋ᠷᠦᠩ ᠭᠡᠳ ᠮᠠᠨ ᠤ ᠬᠠᠮᠢᠶᠠᠲᠠᠨ ᠤ ᠠᠬ᠎ᠠ ᠢᠢᠨ ᠤᠨᠠᠭᠠᠨ ᠠᠳᠤᠭᠤ ᠪᠠᠢᠢᠭ᠎ᠠ ᠶᠤᠮ ᠪᠠᠢᠢᠨ᠎ᠠ᠃ ᠨᠤᠲᠤᠭ ᠣᠷᠣᠨ ᠳᠤ ᠪᠠᠨ ᠠᠢᠢᠷᠠᠭ᠂ ᠲᠦᠷᠦᠭᠦᠦ ᠠᠯᠳᠠᠵᠤ ᠪᠠᠢᠢᠭ᠎ᠠ ᠦᠭᠡᠢ ᠠᠳᠤᠭᠤ᠃ ᠡᠨᠡ ᠵᠢᠯ ᠤᠯᠤᠰ ᠤᠨ ᠪᠠᠶᠠᠷ ᠨᠠᠭᠠᠳᠤᠮ ᠳᠤ ᠲᠦᠷᠢᠭᠦᠯᠦᠭᠰᠡᠨ ᠳᠥ ᠪᠠᠶᠠᠷᠲᠠᠢ ᠪᠠᠢᠢᠨ᠎ᠠ》 ᠭᠡᠰᠡᠨ ᠶᠤᠮ᠃
ᠮᠥᠨ ᠡᠨᠡ ᠵᠢᠯ ᠲᠥᠪ ᠠᠢᠢᠮᠠᠭ ᠲᠤ ᠴᠠᠰᠤ ᠠᠬᠢᠭᠤᠬᠠᠨ ᠣᠷᠣᠭᠰᠠᠨ ᠠᠴᠠ ᠳᠥᠷᠪᠡᠳᠦᠭᠡᠷ ᠰᠠᠷ᠎ᠠ ᠳᠤ ᠨᠣᠭᠣᠭ᠎ᠠ ᠰᠠᠢᠢᠨ ᠤᠷᠭᠤᠵᠤ᠂ ᠮᠣᠷᠢᠳ ᠲᠡᠩᠬᠡᠭᠡ ᠰᠠᠢᠢᠲᠠᠢ᠂ ᠣᠷᠣᠯᠴᠠᠭᠰᠠᠨ ᠤᠷᠤᠯᠳᠤᠭᠠᠨ᠂ ᠰᠤᠩᠭ᠋ᠠᠨ ᠳᠤ ᠪᠠᠨ ᠤᠷᠳᠤᠭᠤᠷ ᠣᠷᠣᠵᠤ ᠪᠠᠢᠢᠭ᠎ᠠ ᠲᠠᠯ᠎ᠠ ᠪᠠᠷ ᠲᠥᠪ ᠠᠢᠢᠮᠠᠭ ᠤᠨ ᠤᠭᠲᠠᠭᠠᠯᠴᠠᠢᠢᠳᠠᠮ ᠰᠤᠮᠤ ᠢᠢᠨ ᠠᠯᠳᠠᠷᠲᠤ ᠤᠶᠠᠭᠠᠴᠢ ᠪ ∙ ᠪᠠᠲᠤᠲᠥ᠋ᠷᠦ ᠶᠠᠷᠢᠪᠠ᠃
ᠪᠢᠳᠡᠷᠲᠦ ᠬᠤᠯᠠ ᠠᠵᠢᠷᠭ᠎ᠠ ᠲᠦᠷᠦᠭᠦᠦ ᠮᠠᠩᠨᠠᠢ ᠳᠤ ᠣᠷᠣᠵᠤ ᠢᠷᠡᠭᠰᠡᠨ ᠨᠢ ᠲᠥᠪ ᠠᠢᠢᠮᠠᠭ ᠤᠨ ᠤᠭᠲᠠᠭᠠᠯᠴᠠᠢᠢᠳᠠᠮ ᠰᠤᠮᠤ ᠢᠢᠨ ᠠᠵᠢᠷᠭ᠎ᠠ ᠨᠠᠰᠤᠨ ᠳᠤ ᠠᠩᠬᠠᠨ ᠤ ᠲᠦᠷᠦᠭᠦᠦ ᠨᠢ ᠪᠣᠯᠵᠤ ᠪᠠᠢᠢᠭᠠᠳ ᠨᠤᠲᠤᠭ ᠤᠰᠤᠨ ᠤ ᠬᠢᠨ ᠨᠢ ᠪᠠᠶᠠᠷ ᠬᠥᠷᠲᠡᠢ ᠪᠠᠢᠢᠯ᠎ᠠ᠃