Та "Internet explorer"-ийн сүүлийн хувилбар болох "Microsoft edge"-г ашиглана уу

Хэрэв "Microsoft edge"-г татах бол энд дарж татаж авна уу

ᠮᠣᠩᠭᠤᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ «ᠠᠯᠲᠠᠨ ᠨᠠᠮᠤᠷ-2024» ᠤᠷᠭᠤᠴᠠ ᠢᠢᠨ ᠪᠠᠶᠠᠷ ᠲᠤ ᠣᠷᠤᠯᠴᠠᠯ᠎ᠠ

ᠮᠣᠩᠭ᠋ᠤᠯ ᠤᠯᠤᠰ ᠠᠲᠠᠷ ᠭᠠᠵᠠᠷ ᠡᠵᠡᠮᠰᠢᠭᠰᠡᠨ ᠦ 65 ᠵᠢᠯ ᠦᠨ ᠣᠢ᠂ «ᠬᠦᠨᠡᠰᠦᠨ ᠦ ᠬᠠᠩᠭ᠋ᠠᠮᠵᠢ-ᠠᠶᠤᠯ ᠦᠭᠡᠢ ᠪᠠᠢᠢᠳᠠᠯ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠵᠣᠬᠢᠶᠠᠨ ᠪᠠᠢᠢᠭᠤᠯᠵᠤ ᠪᠤᠢ «ᠠᠯᠲᠠᠨ ᠨᠠᠮᠤᠷ-2024» ᠤᠷᠭᠤᠴᠠ ᠢᠢᠨ ᠪᠠᠶᠠᠷ ᠳᠠᠷᠬᠠᠨ-ᠠᠭᠤᠯᠠ ᠠᠢᠢᠮᠠᠭ ᠤᠨ ᠳᠠᠷᠬᠠᠨ ᠬᠣᠲᠠ ᠳᠤ ᠪᠣᠯᠵᠤ ᠪᠠᠢᠢᠨ᠎ᠠ᠃

ᠮᠣᠩᠭ᠋ᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠠᠲᠠᠷ ᠭᠠᠵᠠᠷ ᠡᠵᠡᠮᠰᠢᠭᠰᠡᠨ ᠦ 65 ᠵᠢᠯ ᠦᠨ ᠣᠢ ᠢᠢᠨ ᠪᠠᠶᠠᠷ ᠤᠨ ᠬᠤᠷᠠᠯ ᠳᠤ ᠣᠷᠤᠯᠴᠠᠵᠤ ᠦᠭᠡ ᠬᠡᠯᠡᠯ ᠡ᠃

ᠲᠡᠷᠡ ᠪᠡᠷ ᠬᠡᠯᠡᠭᠰᠡᠨ ᠦᠭᠡᠨ ᠦ ᠪᠡᠨ ᠡᠬᠢᠨ ᠳᠥ ᠮᠣᠩᠭ᠋ᠤᠯ ᠤᠯᠤᠰ ᠠᠲᠠᠷ ᠭᠠᠵᠠᠷ ᠡᠵᠡᠮᠰᠢᠭᠰᠡᠨ ᠦ 65 ᠵᠢᠯ᠂ ᠬᠦᠨᠡᠰᠦ᠂ ᠬᠥᠳᠡᠭᠡ ᠠᠵᠤ ᠠᠬᠤᠶ᠂ ᠬᠥᠩᠭᠡᠨ ᠦᠢᠯᠡᠳᠪᠦᠷᠢ ᠢᠢᠨ ᠶᠠᠮᠤᠨ ᠪᠠᠢᠢᠭᠤᠯᠤᠭᠳᠠᠭᠰᠠᠨ ᠤ 100 ᠵᠢᠯ ᠦᠨ ᠣᠢ ᠢᠢᠨ ᠪᠠᠶᠠᠷ ᠤᠨ ᠮᠡᠨᠳᠦ ᠢᠢ ᠰᠠᠯᠪᠤᠷᠢ ᠢᠢᠨ ᠦᠶ᠎ᠡ ᠦᠶ᠎ᠡ ᠢᠢᠨ ᠠᠵᠢᠯᠲᠠᠨ᠂ ᠠᠯᠪᠠᠨ ᠬᠠᠭᠠᠭᠴᠢ᠂ ᠮᠠᠯᠴᠢᠨ᠂ ᠲᠠᠷᠢᠶᠠᠯᠠᠩᠴᠢ᠂ ᠦᠢᠯᠡᠳᠪᠦᠷᠢᠯᠡᠭᠴᠢ᠂ ᠪᠠᠶᠠᠯᠢᠭ ᠪᠦᠲᠦᠭᠡᠭ᠍ᠴᠢᠳ ᠲᠥ ᠬᠦᠷᠭᠡᠵᠦ᠂ ᠲᠠᠯᠠᠷᠬᠠᠯ ᠢᠯᠡᠷᠬᠡᠢᠢᠯᠡᠪᠡ᠃

ᠥᠡᠷᠡᠭᠰᠡᠨ ᠬᠤᠭᠤᠴᠠᠭᠠᠨ ᠳᠤ ᠮᠣᠩᠭ᠋ᠤᠯ ᠤᠯᠤᠰ ᠠᠷᠠᠳ ᠢᠷᠭᠡᠳ ᠦᠨ ᠢᠢᠡᠨ ᠬᠦᠨᠡᠰᠦᠨ ᠦ ᠬᠡᠷᠡᠭᠴᠡᠭᠡ ᠢᠢ ᠬᠠᠩᠭ᠋ᠠᠬᠤ᠂ ᠡᠻᠰᠫᠣᠷᠲ᠋ᠯᠠᠬᠤ ᠵᠣᠷᠢᠯᠭ᠎ᠠ ᠪᠠᠷ ᠠᠲᠠᠷ ᠤᠨ ᠭᠤᠷᠪᠠᠨ ᠤᠳᠠᠭ᠎ᠠ ᠢᠢᠨ ᠠᠶᠠᠨ ᠢ ᠦᠨᠳᠦᠰᠦᠨ ᠦ ᠬᠡᠮᠵᠢᠶᠡᠨ ᠳᠥ ᠥᠷᠨᠢᠭᠦᠯᠵᠦ ᠪᠠᠢᠢᠭᠰᠠᠨ ᠲᠡᠦᠬᠡ᠂ ᠣᠯᠤᠯᠲᠠ ᠠᠮᠵᠢᠯᠲᠠ ᠢᠢ ᠳᠤᠷᠠᠳᠤᠯ ᠠ᠃

ᠮᠣᠩᠭ᠋ᠤᠯ ᠤᠯᠤᠰ ᠤᠨ ᠦᠨᠳᠦᠰᠦᠨ ᠦ ᠠᠶᠤᠯ ᠦᠭᠡᠢ ᠪᠠᠢᠢᠳᠠᠯ ᠤᠨ ᠨᠢᠭᠡ ᠴᠢᠬᠤᠯᠠ ᠠᠰᠠᠭᠤᠳᠠᠯ ᠨᠢ ᠬᠦᠮᠦᠨ ᠠᠮᠠ ᠡᠷᠡᠭᠦᠯ᠂ ᠠᠶᠤᠯ ᠦᠭᠡᠢ ᠣᠷᠴᠢᠨ᠂ ᠨᠠᠢᠢᠳᠠᠪᠤᠷᠢ ᠲᠠᠢ᠂ ᠡᠷᠡᠭᠦᠯ ᠬᠦᠨᠡᠰᠦ ᠪᠡᠷ ᠬᠠᠩᠭ᠋ᠠᠬᠤ ᠶᠠᠪᠤᠳᠠᠯ ᠪᠥᠭᠡᠳ ᠪᠠᠢᠢᠭᠠᠯᠢ ᠣᠷᠴᠢᠨ᠂ ᠬᠦᠨᠡᠰᠦᠨ ᠦ ᠬᠠᠩᠭ᠋ᠠᠮᠵᠢ᠂ ᠠᠶᠤᠯ ᠦᠭᠡᠢ ᠪᠠᠢᠢᠳᠠᠯ ᠳᠤ ᠣᠨᠴᠤᠭᠤᠶ ᠠᠩᠬᠠᠷᠬᠤ ᠶᠣᠰᠤ ᠲᠠᠢ ᠢᠢ ᠣᠨᠴᠠᠯᠠᠯ᠎ᠠ᠃

ᠡᠢᠢᠮᠦ ᠳᠥ ᠮᠣᠩᠭ᠋ᠤᠯ ᠤᠯᠤᠰ ᠤᠨ ᠶᠡᠷᠦᠩᠬᠡᠢᠢᠯᠡᠭᠴᠢ «ᠲᠡᠷᠪᠤᠮ ᠮᠣᠳᠤ»᠂ «ᠬᠦᠨᠡᠰᠦᠨ ᠦ ᠬᠠᠩᠭ᠋ᠠᠮᠵᠢ᠂ ᠠᠶᠤᠯ ᠦᠭᠡᠢ ᠪᠠᠢᠢᠳᠠᠯ»᠂ «ᠡᠷᠡᠭᠦᠯ ᠮᠣᠩᠭ᠋ᠤᠯ ᠬᠦᠮᠦᠨ» ᠪᠣᠯᠤᠨ «ᠴᠠᠭᠠᠨ ᠠᠯᠲᠠ» ᠵᠡᠷᠭᠡ ᠦᠨᠳᠦᠰᠦᠨ ᠦ ᠬᠥᠳᠡᠯᠭᠡᠭᠡᠨ ᠨᠦᠭᠦᠳ ᠢ ᠤᠯᠤᠰ ᠣᠷᠤᠨ ᠳᠠᠶᠠᠭᠠᠷ ᠰᠠᠨᠠᠭᠠᠴᠢᠯᠠᠨ ᠬᠡᠷᠡᠭᠵᠢᠭᠦᠯᠵᠦ ᠪᠠᠢᠢᠭ᠎ᠠ ᠢᠢ ᠲᠡᠮᠳᠡᠭᠯᠡᠪᠡ᠃

ᠲᠤᠬᠠᠢᠢᠯᠠᠪᠠᠯ᠂ «ᠬᠦᠨᠡᠰᠦᠨ ᠦ ᠬᠠᠩᠭ᠋ᠠᠮᠵᠢ᠂ ᠠᠶᠤᠯ ᠦᠭᠡᠢ ᠪᠠᠢᠢᠳᠠᠯ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠲᠥᠷᠦ᠂ ᠵᠠᠬᠢᠷᠭᠠᠨ ᠤ 35 ᠪᠠᠢᠢᠭᠤᠯᠤᠯᠭ᠎ᠠ ᠬᠠᠮᠲᠤᠷᠠᠨ ᠠᠵᠢᠯᠯᠠᠵᠤ᠂ ᠬᠠᠤᠯᠢ ᠳᠦᠷᠢᠮ᠂ ᠲᠥᠰᠦᠪ ᠰᠠᠩᠬᠦᠦ᠂ ᠬᠥᠩᠭᠡᠯᠡᠯᠲᠡᠲᠡᠢ ᠵᠡᠭᠡᠯᠡ᠂ ᠭᠠᠢᠢᠯᠢ ᠲᠠᠲᠠᠪᠤᠷᠢ ᠢᠢᠨ ᠬᠥᠩᠭᠡᠯᠡᠯᠲᠡ᠂ ᠴᠢᠯᠦᠭᠡᠯᠡᠯᠲᠡ ᠡᠴᠡ ᠡᠬᠢᠯᠡᠭᠦᠯᠦᠭᠡᠳ 114 ᠲᠥᠷᠦᠯ ᠦᠨ ᠠᠷᠭ᠎ᠠ ᠬᠡᠮᠵᠢᠶ᠎ᠡ ᠢᠢ ᠬᠡᠷᠡᠭᠵᠢᠭᠦᠯᠦᠨ ᠠᠵᠢᠯᠯᠠᠵᠤ ᠪᠠᠢᠢᠭ᠎ᠠ ᠶᠤᠮ᠎᠃

ᠦᠨᠳᠦᠰᠦᠨ ᠦ ᠬᠥᠳᠡᠯᠭᠡᠭᠡᠨ ᠬᠡᠷᠡᠭᠵᠢᠭᠰᠡᠨ ᠰᠡᠭᠦᠯ ᠦᠨ ᠬᠣᠶᠠᠷ ᠵᠢᠯ ᠦᠨ ᠬᠤᠭᠤᠴᠠᠭᠠᠨ ᠳᠤ ᠠᠷᠠᠯᠵᠢᠶᠠᠨ ᠤ ᠪᠠᠩᠬᠢ ᠪᠠᠷ ᠳᠠᠮᠵᠢᠭᠤᠯᠤᠨ 5-6 ᠬᠤᠪᠢ ᠢᠢᠨ ᠬᠦᠦᠲᠡᠢ᠂ 3-5 ᠵᠢᠯ ᠦᠨ ᠬᠤᠭᠤᠴᠠᠭ᠎ᠠ ᠲᠠᠢ᠂ ᠨᠡᠢᠢᠲᠡ 1.3 ᠶᠡᠬᠡ ᠨᠠᠶᠤᠳ ᠲᠥᠭᠦᠷᠢᠭ᠌ ᠦᠨ ᠬᠥᠩᠭᠡᠯᠡᠯᠲᠡᠲᠡᠢ ᠵᠡᠭᠡᠯᠡ ᠢᠢ 3.100 ᠣᠷᠴᠢᠮ ᠬᠦᠨᠡᠰᠦ ᠦᠢᠯᠡᠳᠪᠦᠷᠢᠯᠡᠭᠴᠢ᠂ ᠪᠠᠶᠠᠯᠢᠭ ᠪᠦᠲᠦᠭᠡᠭ᠍ᠴᠢ ᠢᠷᠭᠡᠨ᠂ ᠠᠵᠤ ᠠᠬᠤᠶ ᠢᠢᠨ ᠨᠢᠭᠡᠴᠡ ᠳᠥ ᠣᠯᠭᠤᠭᠠᠳ ᠪᠠᠢᠢᠨ᠎ᠠ᠃

ᠡᠭᠦᠨ ᠦ ᠦᠷ᠎ᠡ ᠳ᠋ᠦᠩ ᠳᠥ ᠬᠦᠨᠡᠰᠦᠨ ᠦ ᠰᠠᠯᠪᠤᠷᠢ ᠳᠤ ᠨᠡᠢᠢᠲᠡ 24 ᠬᠦᠨᠡᠰᠦᠨ ᠦ ᠦᠢᠯᠡᠳᠪᠦᠷᠢ ᠰᠢᠨ᠎ᠡ ᠪᠡᠷ ᠠᠰᠢᠭᠯᠠᠯᠲᠠ ᠳᠤ ᠣᠷᠤᠵᠤ᠂ 2023 ᠣᠨ ᠤ ᠪᠠᠢᠢᠳᠠᠯ ᠢᠶᠠᠷ ᠬᠦᠨᠡᠰᠦᠨ ᠦ ᠨᠣᠭᠤᠭᠠᠨ ᠤ ᠬᠡᠷᠡᠭᠴᠡᠭᠡᠨ ᠦ 85 ᠬᠤᠪᠢ ᠢᠢ ᠳᠣᠲᠤᠭᠠᠳᠤ ᠠᠴᠠ ᠪᠠᠨ ᠬᠠᠩᠭ᠋ᠠᠵᠤ ᠴᠢᠳᠠᠭᠰᠠᠨ ᠢ ᠮᠣᠩᠭ᠋ᠤᠯ ᠤᠯᠤᠰ ᠤᠨ ᠶᠡᠷᠦᠩᠬᠡᠢᠢᠯᠡᠭᠴᠢ ᠬᠡᠯᠡᠭᠰᠡᠨ ᠦᠭᠡᠨ ᠳᠥ ᠪᠡᠨ ᠲᠡᠮᠳᠡᠭᠯᠡᠪᠡ᠃

ᠦᠨᠳᠦᠰᠦᠨ ᠦ ᠬᠥᠳᠡᠯᠭᠡᠭᠡᠨ ᠨᠦᠭᠦᠳ ᠢ ᠠᠮᠵᠢᠯᠲᠠᠲᠠᠢ ᠬᠡᠷᠡᠭᠵᠢᠭᠦᠯᠦᠭᠰᠡᠨ ᠢᠢᠡᠷ ᠪᠠᠢᠢᠭᠠᠯᠢ ᠣᠷᠴᠢᠨ᠂ ᠬᠦᠨᠡᠰᠦ᠂ ᠬᠥᠳᠡᠭᠡ ᠠᠵᠤ ᠠᠬᠤᠶ᠂ ᠬᠥᠩᠭᠡᠨ ᠦᠢᠯᠡᠳᠪᠦᠷᠢ ᠢᠢᠨ ᠰᠠᠯᠪᠤᠷᠢ ᠢᠢᠨ ᠬᠥᠭ᠍ᠵᠢᠯ ᠳᠥ ᠰᠢᠨ᠎ᠡ ᠪᠣᠯᠤᠮᠵᠢ ᠨᠡᠭᠡᠭᠡᠭ᠍ᠳᠡᠵᠦ᠂ ᠬᠣᠲᠠ᠂ ᠬᠥᠳᠡᠭᠡ ᠢᠢᠨ ᠲᠡᠩᠴᠡᠪᠦᠷᠢᠲᠡᠢ ᠬᠥᠭ᠍ᠵᠢᠯ ᠬᠠᠩᠭ᠋ᠠᠭᠳᠠᠬᠤ᠂ ᠬᠤᠳᠠᠯᠳᠤᠭ᠎ᠠ᠂ ᠡᠻᠰᠫᠣᠷᠲ᠂ ᠬᠥᠷᠦᠩᠭᠡ ᠣᠷᠤᠭᠤᠯᠤᠯᠲᠠ᠂ ᠠᠵᠢᠯ ᠤᠨ ᠪᠠᠢᠢᠷᠢ ᠨᠡᠮᠡᠭᠳᠡᠬᠦ᠂ ᠶᠠᠳᠠᠭᠤᠷᠠᠯ ᠪᠠᠭᠤᠷᠠᠬᠤ ᠵᠡᠷᠭᠡ ᠣᠯᠠᠨ ᠡᠶᠡᠷᠭᠦ ᠦᠷ᠎ᠡ ᠳ᠋ᠦᠩ ᠭᠠᠷᠤᠨ᠎ᠠ ᠭᠡᠳᠡᠭ ᠲᠥ ᠢᠲᠡᠭᠡᠯ ᠲᠡᠢ ᠪᠠᠢᠢᠭ᠎ᠠ ᠪᠠᠨ ᠢᠯᠡᠷᠬᠡᠢᠢᠯᠡᠯ ᠠ᠃

ᠮᠣᠩᠭ᠋ᠤᠯ ᠤᠯᠤᠰ «ᠡᠷᠡᠭᠦᠯ ᠬᠦᠨᠡᠰᠦ ᠦᠢᠯᠡᠳᠪᠦᠷᠢᠯᠡᠭᠴᠢ᠂ ᠬᠦᠨᠡᠰᠦ ᠡᠻᠰᠫᠣᠷᠲ᠋ᠯᠠᠭᠴᠢ ᠣᠷᠤᠨ» ᠪᠣᠯᠬᠤ ᠵᠣᠷᠢᠯᠲᠠ ᠢᠢᠨ ᠬᠦᠷᠢᠶᠡᠨ ᠳᠥ ᠳᠠᠷᠬᠠᠨ-ᠠᠭᠤᠯᠠ᠂ ᠰᠡᠯᠡᠩᠭᠡ᠂ ᠲᠥᠪ ᠠᠢᠢᠮᠠᠭ ᠤᠳ ᠪᠤᠶᠤ ᠲᠥᠪ ᠦᠨ ᠪᠦᠰᠡ ᠢᠢ «ᠬᠥᠳᠡᠭᠡ ᠠᠵᠤ ᠠᠬᠤᠶ ᠢᠢᠨ ᠲᠥᠷᠦᠯᠵᠢᠭᠰᠡᠨ᠂ ᠠᠵᠤ ᠦᠢᠯᠡᠳᠪᠦᠷᠢ ᠢᠢᠨ ᠳᠡᠳ᠋ ᠪᠦᠰᠡ» ᠪᠣᠯᠭᠠᠨ ᠬᠥᠭ᠍ᠵᠢᠭᠦᠯᠬᠦ ᠪᠡᠷ ᠵᠣᠷᠢᠵᠤ ᠪᠠᠢᠢᠨ᠎ᠠ᠃

ᠡᠨᠡ ᠬᠦᠷᠢᠶᠡᠨ ᠳᠥ ᠬᠦᠨᠡᠰᠦ᠂ ᠬᠥᠳᠡᠭᠡ ᠠᠵᠤ ᠠᠬᠤᠶ᠂ ᠬᠥᠩᠭᠡᠨ ᠦᠢᠯᠡᠳᠪᠦᠷᠢ ᠢᠢᠨ ᠶᠠᠮᠤᠨ ᠢ ᠳᠠᠷᠬᠠᠨ-ᠠᠭᠤᠯᠠ ᠠᠢᠢᠮᠠᠭ ᠲᠤ ᠰᠢᠯᠵᠢᠭᠦᠯᠦᠨ ᠪᠠᠢᠢᠷᠢᠰᠢᠭᠤᠯᠬᠤ ᠪᠠᠷ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠠᠴᠠ ᠰᠢᠢᠳᠪᠦᠷᠢ ᠭᠠᠷᠤᠭᠰᠠᠨ ᠶᠤᠮ᠎᠃

ᠴᠢᠨᠠᠭᠰᠢᠳᠠ ᠪᠠᠢᠢᠭᠠᠯᠢ ᠣᠷᠴᠢᠨ ᠳᠤ ᠡᠭᠡᠯᠢᠲᠡᠢ᠂ ᠪᠦᠰᠡᠴᠢᠯᠠᠭ᠍ᠰᠡᠨ ᠬᠥᠭ᠍ᠵᠢᠯ ᠪᠣᠯᠤᠨ ᠲᠣᠭᠲᠠᠪᠤᠷᠢᠲᠠᠢ ᠬᠥᠭ᠍ᠵᠢᠯ ᠢ ᠳᠡᠮᠵᠢᠭᠰᠡᠨ ᠭᠠᠵᠠᠷ ᠲᠠᠷᠢᠶᠠᠯᠠᠩ ᠤᠨ ᠰᠠᠯᠪᠤᠷᠢ ᠢᠢ ᠬᠥᠭ᠍ᠵᠢᠭᠦᠯᠬᠦ ᠳᠥ ᠲᠣᠳᠤᠷᠬᠠᠶ ᠠᠬᠢᠴᠠ ᠳᠡᠪᠰᠢᠯ᠂ ᠦᠷ᠎ᠡ ᠳ᠋ᠦᠩ ᠭᠠᠷᠬᠤ ᠤᠴᠢᠷ ᠲᠠᠢ ᠢᠢ ᠶᠡᠷᠦᠩᠬᠡᠢᠢᠯᠡᠭᠴᠢ ᠲᠡᠮᠳᠡᠭᠯᠡᠯ ᠠ᠃

ᠲᠣᠳᠣᠷᠠᠭᠤᠯᠪᠠᠯ᠂ ᠲᠥᠷᠦ᠂ ᠬᠤᠪᠢ ᠢᠢᠨ ᠬᠡᠪᠰᠢᠯ ᠦᠨ ᠵᠦᠭ ᠡᠴᠡ:

  • ᠠᠭᠤᠷ ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ᠂ ᠰᠢᠷᠤᠶ ᠢᠢᠨ ᠰᠢᠭᠤᠷᠭ᠎ᠠ ᠢᠢ ᠪᠠᠭᠤᠷᠠᠭᠤᠯᠵᠤ᠂ ᠨᠣᠭᠤᠭᠠᠨ ᠬᠥᠭ᠍ᠵᠢᠯ ᠢ ᠳᠡᠮᠵᠢᠭᠰᠡᠨ᠂ ᠳᠡᠪᠰᠢᠯᠲᠡᠲᠦ ᠲ᠋ᠧᠭᠨᠣᠯᠤᠭᠢ᠂ ᠲᠥᠪᠯᠡᠷᠡᠯ ᠳᠤ ᠰᠠᠭᠤᠷᠢᠯᠠᠭᠰᠠᠨ᠂ ᠳᠡᠯᠡᠬᠡᠶ ᠢᠢᠨ ᠵᠢᠱᠢᠭ ᠲᠥ ᠨᠡᠢᠢᠴᠡᠭᠰᠡᠨ᠂ ᠡᠻᠰᠫᠣᠷᠲ ᠲᠤ ᠴᠢᠭᠯᠡᠭᠰᠡᠨ ᠭᠠᠵᠠᠷ ᠲᠠᠷᠢᠶᠠᠯᠠᠩ ᠤᠨ ᠰᠠᠯᠪᠤᠷᠢ ᠢᠢ ᠬᠥᠭ᠍ᠵᠢᠯ ᠦᠨ ᠰᠢᠨ᠎ᠡ ᠲᠥᠪᠰᠢᠨ ᠳᠥ ᠭᠠᠷᠭᠠᠬᠤ ᠴᠣᠭᠴᠠ ᠰᠢᠨᠡᠴᠢᠯᠡᠯ᠂ ᠪᠣᠳᠤᠯᠭ᠎ᠠ᠂ ᠦᠢᠯᠡ ᠠᠵᠢᠯᠯᠠᠭ᠎ᠠ ᠢᠢ ᠬᠡᠷᠡᠭᠵᠢᠭᠦᠯᠬᠦ;
  • ᠪᠦᠰᠡᠴᠢᠯᠠ᠍ᠭ᠍ᠰᠡᠨ ᠬᠥᠭ᠍ᠵᠢᠯ ᠢ ᠳᠡᠮᠵᠢᠭᠰᠡᠨ ᠭᠠᠵᠠᠷ ᠲᠠᠷᠢᠶᠠᠯᠠᠩ ᠤᠨ ᠻᠯᠠᠰᠲ᠋ᠧᠷ᠂ ᠴᠣᠭᠴᠠᠯᠠᠪᠤᠷᠢ ᠨᠤᠭᠤᠳ ᠢ ᠪᠠᠢᠢᠭᠤᠯᠬᠤ᠂ ᠲᠦᠬᠡᠢ ᠡᠳ᠋ ᠪᠡᠯᠡᠳᠬᠡᠨ ᠨᠡᠢᠢᠯᠡᠭᠦᠯᠦᠯᠲᠡ᠂ ᠪᠣᠷᠤᠯᠠᠭᠤᠯᠤᠯᠲᠠ ᠢᠢᠨ ᠨᠢᠭᠡᠳᠦᠭᠰᠡᠨ ᠲᠣᠭᠲᠠᠯᠴᠠᠭ᠎ᠠ᠂ ᠵᠢᠵᠢᠭ᠂ ᠳᠤᠮᠳᠠ ᠦᠢᠯᠡᠳᠪᠦᠷᠢ ᠨᠦᠭᠦᠳ ᠢ ᠪᠠᠢᠢᠭᠤᠯᠬᠤ᠂ ᠲᠡᠭᠡᠭᠡᠪᠦᠷᠢ ᠯᠣᠭᠢᠰᠲ᠋ᠢᠭ ᠤᠨ ᠣᠨᠤᠪᠴᠢᠲᠠᠢ ᠰᠦᠯᠵᠢᠶ᠎ᠡ ᠢᠢ ᠪᠤᠢ ᠪᠣᠯᠭᠠᠬᠤ᠂ ᠪᠣᠯᠪᠠᠰᠤᠨ ᠬᠦᠴᠦᠨ ᠢ ᠪᠡᠯᠡᠳᠬᠡᠬᠦ;
  • ᠡᠷᠡᠭᠦᠯ ᠠᠬᠤᠶ᠂ ᠴᠢᠨᠠᠷ ᠤᠨ ᠠᠰᠠᠭᠤᠳᠠᠯ ᠢ ᠱᠠᠲᠤ ᠱᠠᠲᠤᠨ ᠳᠤ ᠪᠠᠨ ᠠᠩᠬᠠᠷᠴᠤ᠂ ᠠᠶᠤᠯ ᠦᠭᠡᠢ ᠪᠠᠢᠢᠳᠠᠯ ᠤᠨ ᠬᠢᠨᠠᠯᠲᠠ ᠢᠢ ᠡᠷᠡᠰ ᠴᠢᠩᠭ᠋ᠠᠳᠬᠠᠬᠤ;
  • ᠲᠥᠰᠦᠪ᠂ ᠬᠥᠷᠦᠩᠭᠡ ᠢᠢᠨ ᠨᠥᠭᠡᠴᠡ ᠪᠣᠯᠤᠮᠵᠢ ᠪᠠᠨ ᠪᠦᠷᠢᠨ ᠳᠦᠭᠦᠷᠡᠩ ᠵᠥᠪ ᠠᠰᠢᠭᠯᠠᠵᠤ᠂ ᠵᠡᠭᠡᠯᠡ ᠰᠠᠩᠬᠦᠵᠢᠯᠲᠡ᠂ ᠲᠠᠲᠠᠪᠤᠷᠢ᠂ ᠳᠠᠭᠠᠳᠬᠠᠯ ᠵᠡᠷᠭᠡ ᠰᠠᠩᠬᠦᠦ ᠢᠢᠨ ᠬᠥᠰᠢᠭᠦᠷᠭᠡ ᠨᠦᠭᠦᠳ ᠢ ᠣᠨᠤᠪᠴᠢᠲᠠᠢ᠂ ᠬᠦᠷᠲᠡᠭᠡᠮᠵᠢ ᠲᠡᠢ ᠠᠰᠢᠭᠯᠠᠵᠤ᠂ ᠬᠤᠪᠢ ᠢᠢᠨ ᠬᠡᠪᠰᠢᠯ ᠦᠨ ᠬᠥᠷᠦᠩᠭᠡ ᠣᠷᠤᠭᠤᠯᠤᠯᠲᠠ᠂ ᠬᠠᠮᠲᠤ ᠢᠢᠨ ᠠᠵᠢᠯᠯᠠᠭ᠎ᠠ ᠢᠢ ᠳᠡᠮᠵᠢᠬᠦ ᠵᠡᠷᠭᠡ ᠳᠥ ᠠᠩᠬᠠᠷᠬᠤ ᠱᠠᠭᠠᠷᠳᠠᠯᠭ᠎ᠠ ᠲᠠᠢ ᠪᠠᠢᠢᠭ᠎ᠠ ᠢᠢ ᠣᠨᠴᠠᠯᠠᠪᠠ᠃

ᠢᠩᠭᠢᠭ᠍ᠰᠡᠨ ᠢᠶᠡᠷ ᠠᠷᠠᠳ ᠢᠷᠭᠡᠳ ᠢᠶᠡᠨ ᠭᠠᠷᠤᠯ ᠡᠭᠦᠰᠦᠯ ᠨᠢ ᠲᠣᠳᠤᠷᠬᠠᠶ᠂ ᠨᠠᠢᠢᠳᠠᠪᠤᠷᠢ ᠲᠠᠢ᠂ ᠳᠣᠲᠤᠭᠠᠳᠤ ᠢᠢᠨ ᠡᠷᠡᠭᠦᠯ ᠬᠦᠨᠡᠰᠦ ᠪᠡᠷ ᠬᠠᠩᠭ᠋ᠠᠵᠤ᠂ ᠠᠵᠢᠯ ᠤᠨ ᠪᠠᠢᠢᠷᠢ ᠢᠢ ᠨᠡᠮᠡᠭᠳᠡᠭᠦᠯᠵᠦ᠂ ᠮᠣᠩᠭ᠋ᠤᠯ ᠬᠦᠮᠦᠨ ᠦ ᠠᠮᠢᠳᠤᠷᠠᠯ ᠤᠨ ᠴᠢᠨᠠᠷ ᠰᠠᠢᠢᠵᠢᠷᠠᠵᠤ᠂ ᠤᠯᠠᠮ ᠢᠶᠠᠷ ᠮᠣᠩᠭ᠋ᠤᠯ ᠤᠯᠤᠰ ᠬᠦᠨᠡᠰᠦ ᠡᠻᠰᠫᠣᠷᠲ᠋ᠯᠠᠭᠴᠢ ᠣᠷᠤᠨ ᠪᠣᠯᠬᠤ ᠪᠣᠯᠤᠮᠵᠢ ᠪᠦᠷᠢᠳᠦᠨ᠎ᠡ ᠭᠡᠳᠡᠭ ᠢ ᠣᠨᠴᠠᠯᠠᠨ ᠲᠡᠮᠳᠡᠭᠯᠡᠯ ᠡ᠃

ᠮᠣᠩᠭ᠋ᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠡᠬᠡ ᠣᠷᠤᠨ ᠢᠶᠠᠨ ᠡᠷᠡᠭᠦᠯ ᠬᠦᠨᠡᠰᠦ ᠪᠡᠷ ᠬᠠᠩᠭ᠋ᠠᠬᠤ ᠶᠡᠬᠡ ᠦᠢᠯᠡᠰ ᠲᠥ ᠬᠦᠨᠡᠰᠦ᠂ ᠬᠥᠳᠡᠭᠡ ᠠᠵᠤ ᠠᠬᠤᠶ ᠢᠢᠨ ᠰᠠᠯᠪᠤᠷᠢ ᠢᠢᠨ ᠠᠵᠢᠯᠲᠠᠨ᠂ ᠠᠯᠪᠠᠨ ᠬᠠᠭᠠᠭᠴᠢᠳ᠂ ᠦᠢᠯᠡᠳᠪᠦᠷᠢᠯᠡᠭᠴᠢᠳ᠂ ᠪᠠᠶᠠᠯᠢᠭ ᠪᠦᠲᠦᠭᠡᠭ᠍ᠴᠢᠳ ᠤᠨ ᠳᠡᠮᠵᠢᠯᠭᠡ᠂ ᠮᠠᠩᠯᠠᠢᠢᠯᠠᠯ᠂ ᠬᠠᠮᠲᠤ ᠢᠢᠨ ᠠᠵᠢᠯᠯᠠᠭ᠎ᠠ᠂ ᠬᠠᠷᠢᠯᠴᠠᠨ ᠣᠢᠢᠯᠠᠭᠠᠯᠴᠠᠯ ᠬᠠᠮᠤᠭ ᠤᠨ ᠴᠢᠬᠤᠯᠠ ᠭᠡᠳᠡᠭ ᠢ ᠮᠥᠨ ᠣᠨᠴᠠᠯᠠᠨ ᠲᠡᠮᠳᠡᠭᠯᠡᠵᠦ᠂ ᠬᠤᠷᠠᠯ ᠤᠨ ᠣᠷᠤᠯᠴᠠᠭᠴᠢᠳ ᠲᠤ ᠠᠮᠵᠢᠯᠲᠠ ᠬᠦᠰᠡᠪᠡ᠃

ᠪᠠᠶᠠᠷ ᠤᠨ ᠬᠤᠷᠠᠯ ᠳᠤ ᠤᠯᠤᠰ ᠤᠨ ᠶᠡᠬᠡ ᠬᠤᠷᠠᠯ ᠤᠨ ᠭᠡᠰᠢᠭᠦᠨ᠂ ᠤᠯᠤᠰ ᠤᠨ ᠶᠡᠬᠡ ᠬᠤᠷᠠᠯ ᠤᠨ ᠪᠠᠢᠢᠭᠠᠯᠢ ᠣᠷᠴᠢᠨ᠂ ᠬᠦᠨᠡᠰᠦ᠂ ᠬᠥᠳᠡᠭᠡ ᠠᠵᠤ ᠠᠬᠤᠶ ᠢᠢᠨ ᠪᠠᠢᠢᠩᠭ᠋ᠤ ᠢᠢᠨ ᠬᠣᠷᠢᠶᠠᠨ ᠤ ᠳᠠᠷᠤᠭ᠎ᠠ ᠪ᠊᠂ ᠪᠧᠢᠢᠰᠧᠨ᠂ ᠤᠯᠤᠰ ᠤᠨ ᠶᠡᠬᠡ ᠬᠤᠷᠠᠯ ᠤᠨ ᠭᠡᠰᠢᠭᠦᠨ᠂ ᠬᠦᠨᠡᠰᠦ᠂ ᠬᠥᠳᠡᠭᠡ ᠠᠵᠤ ᠠᠬᠤᠶ᠂ ᠬᠥᠩᠭᠡᠨ ᠦᠢᠯᠡᠳᠪᠦᠷᠢ ᠢᠢᠨ ᠰᠠᠢᠢᠳ ᠵ᠊᠂ ᠡ᠊ᠩᠬᠡᠪᠠᠶᠠᠷ᠂ ᠤᠯᠤᠰ ᠤᠨ ᠶᠡᠬᠡ ᠬᠤᠷᠠᠯ ᠤᠨ ᠭᠡᠰᠢᠭᠦᠨ᠂ ᠪᠠᠢᠢᠭᠠᠯᠢ ᠣᠷᠴᠢᠨ᠂ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠰᠠᠢᠢᠳ ᠰ᠊᠂ ᠣᠳᠤᠨᠲᠤᠶᠠᠭ᠎ᠠ᠂ ᠣᠷᠤᠰ ᠤᠨ ᠬᠣᠯᠪᠤᠭᠠᠨ ᠤ ᠤᠯᠤᠰ ᠠᠴᠠ ᠮᠣᠩᠭ᠋ᠤᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠠ᠊᠂ ᠨ᠊᠂ ᠧᠸᠰᠢᠻᠣᠸ ᠨᠠᠷ ᠤᠨ ᠠᠯᠪᠠᠨ ᠤ ᠲᠥᠯᠦᠭᠡᠯᠡᠭᠴᠢᠳ᠂ ᠰᠠᠯᠪᠤᠷᠢ ᠢᠢᠨ ᠦᠶ᠎ᠡ ᠦᠶ᠎ᠡ ᠢᠢᠨ ᠠᠵᠢᠯᠲᠠᠨ᠂ ᠠᠯᠪᠠᠨ ᠬᠠᠭᠠᠭᠴᠢᠳ ᠤᠨ ᠲᠥᠯᠦᠭᠡᠯᠡᠯ᠂ ᠢᠷᠭᠡᠳ ᠣᠷᠤᠯᠴᠠᠯ᠎ᠠ᠃

ᠣᠷᠤᠰ ᠤᠨ ᠬᠣᠯᠪᠤᠭᠠᠨ ᠤ ᠤᠯᠤᠰ ᠠᠴᠠ ᠮᠣᠩᠭ᠋ᠤᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠠ᠊᠂ ᠨ᠊᠂ ᠧᠸᠰᠢᠻᠣᠸ ᠮᠣᠩᠭ᠋ᠤᠯ ᠤᠯᠤᠰ ᠠᠲᠠᠷ ᠭᠠᠵᠠᠷ ᠡᠵᠡᠮᠰᠢᠭᠰᠡᠨ ᠦ 65 ᠵᠢᠯ ᠦᠨ ᠣᠢ ᠢᠢᠨ ᠪᠠᠶᠠᠷ ᠤᠨ ᠮᠡᠨᠳᠦ ᠢᠢ ᠬᠦᠷᠭᠡᠪᠡ᠃

ᠮᠣᠩᠭ᠋ᠤᠯ ᠤᠯᠤᠰ ᠲᠤ ᠰᠢᠨᠵᠢᠯᠠᠬᠦ ᠤᠬᠠᠭᠠᠨ ᠤ ᠦᠨᠳᠦᠰᠦᠯᠡᠯ ᠲᠡᠢ ᠬᠥᠳᠡᠭᠡ ᠠᠵᠤ ᠠᠬᠤᠶ ᠢᠢᠨ ᠰᠠᠯᠪᠤᠷᠢ ᠢᠢ ᠪᠦᠷᠢᠳᠦᠭᠦᠯᠬᠦ ᠵᠣᠷᠢᠯᠲᠠ ᠢᠢ ᠬᠡᠷᠡᠭᠵᠢᠭᠦᠯᠬᠦ ᠳᠥ ᠵᠥᠪᠯᠡᠯᠲᠡ ᠬᠣᠯᠪᠤᠭᠠᠲᠤ ᠤᠯᠤᠰ ᠠᠴᠠ ᠳᠡᠮᠵᠢᠯᠭᠡ ᠦᠵᠡᠭᠦᠯᠵᠦ᠂ ᠬᠥᠳᠡᠭᠡ ᠠᠵᠤ ᠠᠬᠤᠶ ᠢᠢᠨ ᠲᠧᠭᠨᠢᠭ᠂ ᠲᠣᠨᠤᠭ ᠲᠥᠬᠦᠭᠡᠷᠦᠮᠵᠢ ᠢᠢ ᠨᠡᠢᠢᠯᠡᠭᠦᠯᠵᠦ᠂ ᠮᠡᠷᠭᠡᠵᠢᠯᠲᠡᠨ᠂ ᠵᠢᠭᠠᠪᠤᠷᠢᠯᠠᠭᠴᠢᠳ ᠢ ᠲᠣᠮᠢᠯᠠᠨ ᠶᠠᠪᠤᠭᠤᠯᠵᠤ ᠪᠠᠢᠢᠭᠰᠠᠨ ᠢ ᠳᠤᠷᠠᠳᠴᠤ᠂ ᠬᠣᠶᠠᠷ ᠤᠯᠤᠰ ᠤᠨ ᠬᠠᠮᠲᠤ ᠢᠢᠨ ᠲᠡᠦᠬᠡ ᠢᠢᠨ ᠪᠠᠭᠠᠲᠤᠷᠯᠢᠭ ᠬᠥᠳᠡᠯᠮᠦᠷᠢ ᠢᠢᠨ ᠬᠠᠭᠤᠳᠠᠰᠤ ᠮᠥᠨ ᠭᠡᠳᠡᠭ ᠢ ᠣᠨᠴᠠᠯᠠᠯ᠎ᠠ᠃

ᠴᠢᠨᠠᠭᠰᠢᠳᠠ ᠳᠠᠷᠬᠠᠨ-ᠠᠭᠤᠯᠠ ᠠᠢᠢᠮᠠᠭ᠂ ᠳᠠᠷᠬᠠᠨ ᠬᠣᠲᠠ ᠰᠢᠨᠡᠴᠢᠯᠠᠭ᠍ᠳᠡᠨ ᠬᠥᠭ᠍ᠵᠢᠵᠦ᠂ ᠡᠨᠡ ᠪᠦᠰᠡ ᠨᠤᠲᠤᠭ ᠲᠤ ᠰᠢᠨ᠎ᠡ ᠦᠢᠯᠡᠳᠪᠦᠷᠢ ᠨᠦᠭᠦᠳ ᠪᠠᠢᠢᠭᠤᠯᠤᠭᠳᠠᠵᠤ᠂ ᠮᠣᠩᠭ᠋ᠤᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ «ᠬᠦᠨᠡᠰᠦᠨ ᠦ ᠬᠠᠩᠭ᠋ᠠᠮᠵᠢ᠂ ᠠᠶᠤᠯ ᠦᠭᠡᠢ ᠪᠠᠢᠢᠳᠠᠯ»᠂ «ᠴᠠᠭᠠᠨ ᠠᠯᠲᠠ» ᠬᠥᠲᠦᠯᠪᠦᠷᠢ ᠢᠢᠨ ᠬᠦᠷᠢᠶᠡᠨ ᠳᠥ ᠡᠨᠡ ᠪᠦᠰᠡ ᠨᠤᠲᠤᠭ ᠠᠴᠠ ᠭᠠᠷᠭᠠᠵᠤ ᠪᠤᠢ ᠡᠻᠰᠫᠣᠷᠲ ᠤᠨ ᠪᠦᠲᠦᠭᠡᠭ᠍ᠳᠡᠬᠦᠨ ᠦ ᠬᠡᠮᠵᠢᠶ᠎ᠡ ᠢᠢ ᠨᠡᠮᠡᠭᠳᠡᠭᠦᠯᠦᠭᠰᠡᠨ ᠢᠢᠡᠷ ᠣᠷᠤᠰ ᠤᠨ ᠬᠣᠯᠪᠤᠭᠠᠨ ᠤ ᠤᠯᠤᠰ᠂ ᠮᠣᠩᠭ᠋ᠤᠯ ᠤᠯᠤᠰ ᠤᠨ ᠬᠤᠳᠠᠯᠳᠤᠭᠠᠨ ᠤ ᠡᠷᠭᠢᠯᠲᠡ ᠢᠢ ᠥᠰᠬᠡᠬᠦ᠂ ᠲᠡᠩᠴᠡᠪᠦᠷᠢᠵᠢᠭᠦᠯᠬᠦ ᠳᠥ ᠬᠤᠪᠢ ᠨᠡᠮᠡᠷᠢ ᠪᠡᠨ ᠣᠷᠤᠭᠤᠯᠤᠨ᠎ᠠ ᠭᠡᠵᠦ ᠦᠵᠡᠵᠦ ᠪᠠᠢᠢᠭ᠎ᠠ ᠪᠠᠨ ᠬᠡᠯᠡᠪᠡ᠃

«ᠠᠯᠲᠠᠨ ᠨᠠᠮᠤᠷ-2024» ᠤᠷᠭᠤᠴᠠ ᠢᠢᠨ ᠪᠠᠶᠠᠷ ᠤᠨ ᠬᠦᠷᠢᠶᠡᠨ ᠳᠥ ᠬᠦᠨᠡᠰᠦᠨ ᠦ ᠨᠣᠭᠤᠭ᠎ᠠ᠂ ᠬᠥᠩᠭᠡᠨ ᠦᠢᠯᠡᠳᠪᠦᠷᠢ ᠢᠢᠨ ᠪᠦᠲᠦᠭᠡᠭ᠍ᠳᠡᠬᠦᠨ᠂ ᠬᠥᠳᠡᠭᠡ ᠠᠵᠤ ᠠᠬᠤᠶ ᠢᠢᠨ ᠲ᠋ᠧᠭᠨᠣᠯᠤᠭᠢ᠂ ᠰᠢᠯᠢᠮᠡᠯ ᠮᠠᠯ ᠤᠨ ᠦᠵᠡᠰᠬᠦᠯᠡᠩ᠂ ᠳᠠᠭᠤᠳᠠᠯᠭ᠎ᠠ ᠬᠤᠳᠠᠯᠳᠤᠭ᠎ᠠ ᠢᠢ ᠳᠠᠷᠬᠠᠨ ᠬᠣᠲᠠᠨ᠎ᠠ ᠵᠣᠬᠢᠶᠠᠨ ᠪᠠᠢᠢᠭᠤᠯᠵᠤ ᠪᠠᠢᠢᠨ᠎ᠠ᠃

ᠮᠣᠩᠭ᠋ᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠦᠵᠡᠰᠬᠦᠯᠡᠩ ᠢᠶᠡᠷ ᠵᠣᠴᠢᠯᠠᠬᠤ ᠦᠶ᠎ᠡ ᠪᠡᠷ ᠢᠢᠡᠷ ᠬᠦᠨᠡᠰᠦ᠂ ᠬᠥᠳᠡᠭᠡ ᠠᠵᠤ ᠠᠬᠤᠶ᠂ ᠬᠥᠩᠭᠡᠨ ᠦᠢᠯᠡᠳᠪᠦᠷᠢ ᠢᠢᠨ ᠰᠠᠯᠪᠤᠷᠢ ᠢᠢᠨ ᠪᠠᠶᠠᠯᠢᠭ ᠪᠦᠲᠦᠭᠡᠭ᠍ᠴᠢ᠂ ᠲᠠᠷᠢᠶᠠᠯᠠᠩᠴᠢ᠂ ᠠᠵᠤ ᠠᠬᠤᠶ ᠢᠢᠨ ᠨᠢᠭᠡᠴᠡ ᠨᠦᠭᠦᠳ ᠦᠨ ᠲᠥᠯᠦᠭᠡᠯᠡᠯ᠂ ᠢᠷᠭᠡᠳ ᠲᠡᠢ ᠠᠭᠤᠯᠵᠠᠵᠤ᠂ ᠲᠧᠭᠨᠢᠭ ᠦᠨ ᠫᠠᠷᠠᠳ᠋ ᠢ ᠦᠵᠡᠵᠦ ᠰᠣᠨᠢᠷᠬᠠᠯ ᠠ᠃

ᠲᠠᠰᠢᠷᠠᠮᠳᠠ ᠳᠤᠷᠠᠳᠬᠤ ᠳᠤ᠂ 1959 ᠣᠨ ᠳᠤ ᠡᠬᠢᠯᠡᠭᠰᠡᠨ ᠠᠲᠠᠷ ᠤᠨ ᠠᠩᠬᠠᠳᠤᠭᠠᠷ ᠠᠶᠠᠨ ᠤ ᠦᠷ᠎ᠡ ᠳ᠋ᠦᠩ ᠳᠥ 10 ᠰᠠᠩ ᠤᠨ ᠠᠵᠤ ᠠᠬᠤᠶ᠂ ᠰᠠᠯᠪᠤᠷᠢ ᠢᠢᠨ ᠦᠨᠳᠦᠰᠦᠨ ᠦ ᠮᠡᠷᠭᠡᠵᠢᠯᠲᠡᠨ᠂ ᠪᠣᠯᠪᠠᠰᠤᠨ ᠬᠦᠴᠦᠨ ᠪᠡᠯᠡᠳᠬᠡᠬᠦ ᠶᠡᠬᠡ᠂ ᠳᠡᠭᠡᠳᠦ ᠰᠤᠷᠭᠠᠭᠤᠯᠢ᠂ ᠡᠷᠳᠡᠮ ᠰᠢᠨᠵᠢᠯᠡᠭᠡᠨ ᠦ ᠪᠠᠢᠢᠭᠤᠯᠤᠯᠭ᠎ᠠ ᠨᠤᠭᠤᠳ ᠰᠢᠨ᠎ᠡ ᠪᠡᠷ ᠪᠠᠢᠢᠭᠤᠯᠤᠭᠳᠠᠵᠤ᠂ ᠵᠢᠷᠭᠤᠭᠠᠨ ᠵᠢᠯ ᠦ ᠳᠣᠲᠤᠷ᠎ᠠ 1 ᠰᠠᠶ᠎ᠠ ᠣᠷᠴᠢᠮ ᠭᠠ ᠠᠲᠠᠷ ᠭᠠᠵᠠᠷ ᠢ ᠡᠵᠡᠮᠰᠢᠵᠦ᠂ ᠠᠩᠬ᠎ᠠ ᠤᠳᠠᠭ᠎ᠠ 516 ᠮᠢᠩᠬ᠋ᠠᠨ ᠲᠣᠨᠠ ᠦᠷ᠎ᠡ ᠲᠠᠷᠢᠶ᠎ᠠ ᠬᠤᠷᠢᠶᠠᠨ ᠠᠪᠤᠭᠰᠠᠨ ᠲᠡᠦᠬᠡ ᠲᠡᠢ᠃

ᠠᠲᠠᠷ ᠤᠨ ᠬᠣᠶᠠᠳ᠋ᠤᠭᠠᠷ ᠠᠶᠠᠨ 1976 ᠣᠨ ᠳᠤ ᠡᠬᠢᠯᠡᠵᠦ᠂ ᠦᠷ᠎ᠡ ᠳ᠋ᠦᠩ ᠳᠥ ᠨᠢ 1989 ᠣᠨ ᠤ ᠪᠠᠢᠢᠳᠠᠯ ᠢᠶᠠᠷ 1.2 ᠰᠠᠶ᠎ᠠ ᠭᠠ ᠡᠷᠭᠢᠯᠲᠡ ᠢᠢᠨ ᠲᠠᠯᠠᠪᠠᠢ ᠲᠠᠢ ᠪᠣᠯᠵᠤ᠂ 840 ᠮᠢᠩᠬ᠋ᠠᠨ ᠲᠣᠨᠠ ᠦᠷ᠎ᠡ ᠲᠠᠷᠢᠶ᠎ᠠ᠂ 155 ᠮᠢᠩᠬ᠋ᠠᠨ ᠲᠣᠨᠠ ᠲᠥᠮᠦᠰᠦ᠂ ᠬᠦᠨᠡᠰᠦᠨ ᠦ ᠨᠣᠭᠤᠭ᠎ᠠ᠂ ᠨᠢᠭᠡ ᠰᠠᠶ᠎ᠠ ᠭᠠᠷᠤᠶ ᠲᠣᠨᠠ ᠲᠠᠷᠢᠮᠠᠯ ᠲᠡᠵᠢᠭᠡᠯ᠂ ᠬᠠᠳᠤᠯᠠᠩ ᠬᠤᠷᠢᠶᠠᠨ ᠠᠪᠴᠤ ᠪᠠᠢᠢᠭᠰᠠᠨ ᠶᠤᠮ᠎᠃

ᠭᠡᠪᠡᠴᠦ ᠨᠡᠢᠢᠭᠡᠮ᠂ ᠡᠳ᠋ ᠦᠨ ᠵᠠᠰᠠᠭ ᠤᠨ ᠰᠢᠯᠵᠢᠯᠲᠡ ᠡᠴᠡ ᠤᠯᠪᠠᠭᠠᠯᠠᠨ ᠬᠦᠨᠡᠰᠦ᠂ ᠬᠥᠳᠡᠭᠡ ᠠᠵᠤ ᠠᠬᠤᠶ᠂ ᠬᠥᠩᠭᠡᠨ ᠦᠢᠯᠡᠳᠪᠦᠷᠢ ᠢᠢᠨ ᠰᠠᠯᠪᠤᠷᠢ ᠳᠤ ᠰᠣᠷᠢᠯᠲᠠ ᠲᠤᠯᠭᠤᠷᠠᠵᠤ᠂ ᠦᠷ᠎ᠡ ᠲᠠᠷᠢᠶ᠎ᠠ᠂ ᠭᠤᠯᠢᠷ ᠤᠨ ᠢᠢᠠᠨ 70 ᠭᠠᠷᠤᠶ ᠬᠤᠪᠢ᠂ ᠲᠥᠮᠦᠰᠦ᠂ ᠬᠦᠨᠡᠰᠦᠨ ᠦ ᠨᠣᠭᠤᠭᠠᠨ ᠤ 50 ᠭᠠᠷᠤᠶ ᠬᠤᠪᠢ ᠢᠢ ᠢᠮᠫᠣᠷᠲ ᠢᠶᠠᠷ ᠠᠪᠴᠤ᠂ ᠦᠷ᠎ᠡ ᠲᠠᠷᠢᠶᠠᠨ ᠤ ᠤᠷᠭᠤᠴᠠ ᠢᠢᠨ ᠬᠡᠮᠵᠢᠶ᠎ᠡ 2005 ᠣᠨ ᠭᠡᠬᠦ ᠳᠥ 77 ᠮᠢᠩᠬ᠋ᠠᠨ ᠲᠣᠨᠠ ᠳᠤ ᠬᠦᠷᠦᠭᠰᠡᠨ ᠨᠢ ᠠᠲᠠᠷ ᠤᠨ ᠬᠣᠶᠠᠳ᠋ᠤᠭᠠᠷ ᠠᠶᠠᠨ ᠤ ᠦᠶ᠎ᠡ ᠡᠴᠡ 90 ᠭᠠᠷᠤᠶ ᠬᠤᠪᠢ ᠪᠠᠷ ᠪᠠᠭᠤᠷᠠᠭᠰᠠᠨ ᠦᠵᠡᠭᠦᠯᠦᠯᠲᠡ ᠪᠣᠯᠵᠤ ᠪᠠᠢᠢᠪᠠ᠃

ᠮᠣᠩᠭ᠋ᠤᠯ ᠤᠯᠤᠰ ᠤᠨ ᠵᠠᠰᠠᠭ ᠤᠨ ᠭᠠᠵᠠᠷ 2008-2010 ᠣᠨ ᠳᠤ ᠠᠲᠠᠷ ᠤᠨ ᠭᠤᠷᠪᠠᠳ᠋ᠤᠭᠠᠷ ᠠᠶᠠᠨ ᠪᠣᠯᠬᠤ ᠲᠠᠷᠢᠶᠠᠯᠠᠩ ᠤᠨ ᠬᠥᠭ᠍ᠵᠢᠯ ᠦᠨ ᠦᠨᠳᠦᠰᠦᠨ ᠦ ᠬᠥᠲᠦᠯᠪᠦᠷᠢ ᠢᠢ ᠳᠡᠪᠰᠢᠭᠦᠯᠦᠨ ᠬᠡᠷᠡᠭᠵᠢᠭᠦᠯᠦᠭᠰᠡᠨ ᠢᠢᠡᠷ ᠲᠠᠷᠢᠶᠠᠯᠠᠩ ᠤᠨ ᠡᠷᠭᠢᠯᠲᠡ ᠢᠢᠨ ᠲᠠᠯᠠᠪᠠᠢ ᠢᠢ 650 ᠮᠢᠩᠬ᠋ᠠᠨ ᠭᠠ ᠳᠤ ᠬᠦᠷᠭᠡᠨ ᠰᠡᠷᠭᠦᠭᠡᠵᠦ᠂ ᠤᠯᠠᠭᠠᠨ ᠪᠤᠭᠤᠳᠠᠢ᠂ ᠲᠥᠮᠦᠰᠦ ᠪᠡᠷ ᠳᠣᠲᠤᠭᠠᠳᠤ ᠢᠢᠨ ᠬᠡᠷᠡᠭᠴᠡᠭᠡ ᠪᠡᠨ ᠪᠦᠷᠢᠨ ᠬᠠᠩᠭ᠋ᠠᠵᠤ ᠴᠢᠳᠠᠭᠰᠠᠨ ᠶᠤᠮ᠎᠃