ᠮᠣᠩ᠋ᠭᠤᠯ ᠤᠯᠤᠰ ᠲᠤ ᠣᠢ᠂ ᠮᠣᠳᠤᠨ ᠤ ᠰᠠᠯᠪᠤᠷᠢ ᠡᠭᠦᠰᠴᠦ ᠬᠥᠭ᠍ᠵᠢᠭᠰᠡᠨ ᠦ 100 ᠵᠢᠯ ᠦᠨ ᠣᠢ ᠢᠢᠨ ᠪᠠᠶᠠᠷ ᠤᠨ ᠬᠤᠷᠠᠯ «ᠻᠣᠷᠫᠣᠷᠧᠢᠢᠲ᠋ ᠻᠣᠨ᠋ᠸᠧᠢᠢᠨ᠋ᠱᠨ᠌» ᠼᠧᠨ᠋ᠲ᠋ᠷ ᠲ᠋ᠥ ᠪᠣᠯᠵᠤ ᠪᠠᠢᠢᠨ᠎ᠠ᠃
ᠬᠤᠷᠠᠯ ᠳᠤ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ ᠠ ᠢᠢᠨ ᠬᠦᠷᠡᠯᠰᠦ᠋ᠬᠡ ᠣᠷᠤᠯᠴᠠᠵᠤ᠂ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠨᠥᠯᠦᠭᠡᠯᠡᠯ ᠢ ᠪᠠᠭᠤᠷᠠᠭᠤᠯᠵᠤ᠂ ᠥᠨᠦ ᠪᠠ ᠢᠷᠡᠭᠡᠳᠦᠶ ᠬᠣᠢᠢᠴᠢ ᠦᠶ᠎ᠡ ᠢᠢᠨ ᠢᠢᠡᠨ ᠰᠠᠢᠢᠨ ᠰᠠᠢᠢᠬᠠᠨ ᠠᠮᠢᠳᠤᠷᠠᠯ᠂ ᠡᠷᠡᠭᠦᠯ᠂ ᠠᠶᠤᠯ ᠦᠭᠡᠢ ᠠᠮᠢᠳᠤᠷᠠᠬᠤ ᠣᠷᠴᠢᠨ ᠨᠥᠬᠦᠴᠡᠯ ᠦᠨ ᠲᠥᠯᠦᠭᠡ ᠣᠯᠠᠨ ᠲᠡᠷᠪᠤᠮ ᠮᠣᠳᠤ ᠲᠠᠷᠢᠵᠤ᠂ ᠤᠷᠭᠤᠭᠤᠯᠬᠤ ᠬᠥᠳᠡᠯᠭᠡᠭᠡᠨ ᠳᠦᠷ ᠮᠠᠩᠯᠠᠢᠢᠯᠠᠨ ᠣᠷᠤᠯᠴᠠᠵᠤ ᠪᠠᠢᠢᠭ᠎ᠠ ᠣᠢᠢᠴᠢᠳ ᠲᠤᠷ ᠲᠠᠯᠠᠷᠬᠠᠯ ᠢᠯᠡᠷᠬᠡᠢᠢᠯᠡᠯ᠎ᠡ᠃
ᠣᠢᠢᠴᠢᠳ ᠤᠨ ᠥᠨᠦᠳᠦᠷ ᠢ ᠬᠦᠷᠲᠡᠯ᠎ᠡ ᠬᠢᠵᠦ ᠢᠷᠡᠭᠰᠡᠨ ᠦᠢᠯᠡᠰ᠂ ᠪᠠᠢᠢᠭᠠᠯᠢ ᠳᠡᠯᠡᠬᠡᠶ ᠪᠡᠨ ᠬᠠᠢᠢᠷᠠᠯᠠᠨ ᠬᠠᠮᠠᠭᠠᠯᠠᠬᠤ ᠠᠷᠢᠭᠤᠨ ᠦᠢᠯᠡ ᠬᠡᠷᠡᠭ ᠢᠶᠡᠷ ᠢᠷᠡᠭᠡᠳᠦᠶ ᠬᠣᠢᠢᠴᠢ ᠦᠶ᠎ᠡ᠂ ᠠᠷᠠᠳ ᠲᠦᠮᠡᠨ ᠢᠮᠠᠭᠲᠠ ᠪᠠᠬᠠᠷᠬᠠᠨ᠎ᠠ ᠭᠡᠳᠡᠭ ᠢ ᠶᠡᠷᠦᠩᠬᠡᠢᠢᠯᠡᠭᠴᠢ ᠣᠨᠴᠠᠯᠠᠯ᠎ᠠ᠃
ᠴᠢᠨᠠᠭᠰᠢᠳᠠ ᠣᠢ ᠢᠢᠨ ᠰᠠᠯᠪᠤᠷᠢ ᠨᠢ ᠠᠭᠤᠷ ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ᠂ ᠰᠢᠷ᠎ᠠ ᠰᠢᠷᠤᠢ ᠢᠢᠨ ᠰᠢᠭᠤᠷᠭ᠎ᠠ ᠢᠢ ᠪᠠᠭᠤᠷᠠᠭᠤᠯᠵᠤ᠂ ᠨᠣᠭᠤᠭᠠᠨ ᠬᠥᠭ᠍ᠵᠢᠯ ᠢ ᠳᠡᠮᠵᠢᠭᠰᠡᠨ᠂ ᠳᠡᠪᠰᠢᠯᠲᠡᠲᠦ ᠲ᠋ᠧᠭᠨᠣᠯᠤᠭᠢ᠂ ᠢᠨ᠋᠊ᠨᠣᠸᠠᠼ ᠲᠤᠷ ᠰᠠᠭᠤᠷᠢᠯᠠᠭᠰᠠᠨ᠂ ᠳᠡᠯᠡᠬᠡᠢ ᠢᠢᠨ ᠵᠢᠱᠢᠭ ᠲᠦᠷ ᠨᠡᠢᠢᠴᠡᠭᠰᠡᠨ᠂ ᠲᠥᠷᠦ᠂ ᠬᠤᠪᠢ ᠢᠢᠨ ᠬᠡᠪᠰᠢᠯ ᠦᠨ ᠣᠨᠤᠪᠴᠢᠲᠠᠢ ᠬᠠᠮᠲᠤ ᠢᠢᠨ ᠠᠵᠢᠯᠯᠠᠭᠠᠨ ᠳᠤᠷ ᠲᠤᠯᠭᠠᠭᠤᠷᠢᠯᠠᠭᠰᠠᠨ ᠰᠠᠯᠪᠤᠷᠢ ᠪᠣᠯᠬᠤ ᠶᠣᠰᠤᠲᠠᠢ ᠭᠡᠵᠦ ᠦᠵᠡᠳᠡᠭ ᠢᠶᠡᠨ ᠢᠯᠡᠷᠬᠡᠢᠢᠯᠡᠪᠡ᠃
ᠮᠥᠨ «ᠲᠡᠷᠪᠤᠮ ᠮᠣᠳᠤ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠦᠷ ᠣᠳᠤ ᠪᠠᠢᠢᠭ᠎ᠠ ᠣᠢ ᠢᠢᠨ ᠰᠠᠩ ᠢᠢᠠᠨ ᠨᠥᠬᠦᠨ ᠰᠡᠷᠭᠦᠭᠡᠬᠦ᠂ ᠲᠡᠯᠡᠵᠦ ᠤᠷᠭᠤᠭᠤᠯᠬᠤ᠂ ᠬᠣᠲᠠ᠂ ᠰᠠᠭᠤᠷᠢᠨ ᠭᠠᠵᠠᠷ ᠲᠤᠷ ᠮᠣᠳᠤ ᠲᠠᠷᠢᠵᠤ᠂ ᠣᠢ ᠢᠢᠨ ᠠᠵᠤ ᠠᠬᠤᠶ ᠢᠢ ᠠᠭᠷᠤ ᠣᠢ ᠢᠢᠨ ᠠᠵᠤ ᠠᠬᠤᠢ ᠲᠠᠢ ᠬᠤᠤᠰᠯᠠᠭᠤᠯᠤᠨ ᠬᠥᠭ᠍ᠵᠢᠭᠦᠯᠬᠦ ᠢᠢᠨ ᠴᠢᠬᠤᠯᠠ ᠢᠢ ᠲᠡᠮᠳᠡᠭᠯᠡᠯ᠎ᠡ᠃
ᠦᠨᠳᠦᠰᠦᠨ ᠦ ᠬᠥᠳᠡᠯᠭᠡᠭᠡᠨ ᠬᠡᠷᠡᠭᠵᠢᠵᠦ ᠡᠬᠢᠯᠡᠭᠰᠡᠨ ᠡᠴᠡ ᠬᠣᠢᠢᠰᠢ 84 ᠰᠠᠶ᠎ᠠ ᠮᠣᠳᠤ ᠲᠠᠷᠢᠵᠤ᠂ ᠤᠷᠭᠤᠭᠤᠯᠤᠨ᠂ ᠮᠣᠳᠤ᠂ ᠰᠥᠭᠡᠭ ᠦᠨ ᠦᠷ᠎ᠡ ᠢᠢᠨ 12 ᠮᠢᠩᠬ᠋᠎ᠠ ᠭᠠᠷᠤᠶ ᠲᠣᠨᠠ ᠨᠥᠭᠡᠴᠡᠲᠡᠢ ᠪᠣᠯᠵᠤ᠂ ᠲᠠᠷᠢᠴᠠ᠂ ᠰᠠᠭᠤᠯᠭᠠᠴᠠ ᠢᠢᠨ ᠨᠥᠭᠡᠴᠡ 63 ᠰᠠᠶ᠎ᠠ ᠬᠦᠷᠦᠭᠰᠡᠨ ᠨᠢ ᠡᠮᠦᠨᠡᠬᠢ ᠣᠨ ᠲᠠᠢ ᠬᠠᠷᠢᠴᠠᠭᠤᠯᠬᠤ ᠳᠤᠷ ᠲᠠᠪᠤ ᠳᠠᠬᠢᠨ ᠨᠡᠮᠡᠭᠳᠡᠭᠰᠡᠨ ᠢ ᠬᠡᠯᠡᠯ᠎ᠡ᠃
ᠡᠭᠦᠨ ᠡᠴᠡ ᠭᠠᠳᠠᠨ᠎ᠠ ᠬᠥᠨᠦᠭᠡᠯᠲᠦ ᠰᠢᠪᠠᠵᠢ ᠲᠠᠢ ᠲᠡᠮᠡᠴᠡᠬᠦ ᠠᠵᠢᠯ ᠢ 341 ᠮᠢᠩᠬ᠋ᠠᠨ ᠭᠠ ᠲᠠᠯᠠᠪᠠᠢ ᠳᠤᠷ ᠬᠢᠵᠦ᠂ 1.9 ᠲᠡᠷᠪᠤᠮ ᠮᠣᠳᠤ ᠢᠢ ᠬᠥᠨᠦᠭᠡᠯᠲᠦ ᠰᠢᠪᠠᠵᠢ ᠳᠤᠷ ᠥᠷᠲᠦᠨ ᠰᠡᠷᠭᠦᠨ ᠤᠷᠭᠤᠬᠤ ᠴᠢᠳᠠᠪᠤᠷᠢ ᠪᠠᠨ ᠠᠯᠳᠠᠬᠤ ᠠᠴᠠ ᠬᠠᠮᠠᠭᠠᠯᠠᠭᠠᠳ ᠪᠠᠢᠢᠭ᠎ᠠ ᠢᠢ ᠳᠤᠷᠠᠳᠤᠯ᠎ᠠ᠃
1924 ᠣᠨ ᠳᠤᠷ ᠠᠷᠠᠳ ᠤᠨ ᠵᠠᠰᠠᠭ ᠤᠨ ᠬᠤᠷᠠᠯ ᠢᠶᠠᠷ ᠠᠵᠤ ᠠᠬᠤᠢ ᠢᠢᠨ ᠶᠠᠪᠤᠳᠠᠯ ᠤᠨ ᠶᠠᠮᠤᠨ ᠳᠤᠷ «ᠣᠢ᠂ ᠮᠣᠳᠤᠨ ᠤ ᠬᠡᠯᠲᠡᠰ» ᠪᠠᠢᠢᠭᠤᠯᠤᠨ ᠠᠩᠬᠠᠨ ᠤ ᠣᠢ ᠢᠢᠨ ᠳᠥᠷᠪᠡᠨ ᠠᠩ᠋ᠭᠢ ᠢᠢ ᠣᠷᠤᠨ ᠨᠤᠲᠤᠭ ᠲᠤᠷ ᠪᠠᠢᠢᠭᠤᠯᠤᠭᠰᠠᠨ ᠲᠡᠦᠬᠡᠲᠡᠢ᠃
ᠤᠯᠠᠮ ᠢᠶᠠᠷ 1925 ᠣᠨ ᠳᠤᠷ «ᠣᠢ ᠮᠣᠳᠤᠨ ᠤ ᠲᠤᠬᠠᠶ» ᠳᠦᠷᠢᠮ᠂ 1931 ᠣᠨ ᠳᠤᠷ «ᠣᠢ ᠢᠢᠨ ᠬᠠᠤᠯᠢ»᠂ 1933 ᠣᠨ ᠳᠤᠷ «ᠪᠦ᠊᠂ ᠨᠠᠢᠢ᠊᠂ ᠮᠣ᠊᠂ ᠠ᠊᠂ ᠤᠯᠤᠯᠰ ᠤᠨ ᠬᠠᠤᠯᠢ»᠂ 1934 ᠣᠨ ᠳᠤᠷ ᠳᠠᠬᠢᠨ ᠰᠢᠨᠡᠴᠢᠯᠠᠭᠰᠡᠨ ᠣᠢ ᠢᠢᠨ ᠬᠠᠤᠯᠢ ᠢᠢ ᠪᠠᠲᠤᠯᠠᠭᠰᠠᠨ ᠢᠶᠠᠷ ᠮᠠᠨ ᠤ ᠣᠷᠤᠨ ᠤ ᠨᠤᠲᠤᠭ ᠳᠡᠪᠢᠰᠬᠡᠷ ᠳ᠋ᠡᠬᠢ ᠪᠦᠬᠦ ᠣᠢ ᠢᠢ ᠤᠯᠤᠰ ᠤᠨ ᠥᠮᠴᠢ᠂ ᠣᠢ ᠢᠢᠨ ᠨᠢᠭᠡᠳᠦᠭᠰᠡᠨ ᠰᠠᠩ ᠮᠥᠨ ᠪᠣᠯᠬᠤ ᠢᠢ ᠲᠣᠭᠲᠠᠭᠠᠵᠤ᠂ ᠣᠢ ᠢᠢᠨ ᠰᠠᠩ ᠠᠴᠠ ᠮᠣᠳᠤ ᠢᠢ ᠦᠨᠡᠯᠡᠨ ᠣᠯᠭᠠᠳᠠᠭ ᠪᠣᠯᠤᠭᠰᠠᠨ ᠨᠢ ᠣᠢ ᠢᠢᠨ ᠪᠠᠶᠠᠯᠢᠭ ᠲᠤᠷ ᠬᠠᠨᠳᠤᠬᠤ ᠲᠥᠷᠦ ᠢᠢᠨ ᠪᠣᠳᠤᠯᠭ᠎ᠠ ᠢᠢᠨ ᠦᠨᠳᠦᠰᠦ ᠪᠣᠯᠤᠭᠰᠠᠨ ᠶᠤᠮ᠃
1944 ᠣᠨ ᠠᠴᠠ ᠣᠢ᠂ ᠮᠣᠳᠤᠨ ᠤ ᠰᠠᠯᠪᠤᠷᠢ ᠢᠢᠨ ᠠᠩᠬᠠᠨ ᠤ ᠮᠡᠷᠭᠡᠵᠢᠯ ᠲᠡᠢ ᠠᠵᠢᠯᠴᠢᠨ ᠢ᠂ 1964 ᠣᠨ ᠠᠴᠠ ᠠᠩᠬᠠᠨ ᠤ ᠣᠢ ᠢᠢᠨ ᠢᠨ᠋ᠵᠧᠨ᠋᠋ᠧᠷ ᠦᠳ ᠢ ᠳᠣᠲᠤᠭᠠᠳᠤ ᠳᠤ ᠪᠠᠨ ᠪᠡᠯᠡᠳᠬᠡᠵᠦ ᠡᠬᠢᠯᠡᠭᠰᠡᠨ ᠦ ᠵᠡᠷᠭᠡᠴᠡᠭᠡ ᠪᠠᠢᠢᠭᠤᠯᠤᠯᠭ᠎ᠠ ᠨᠢ ᠠᠵᠤ ᠠᠬᠤᠶ᠂ ᠵᠣᠬᠢᠶᠠᠨ ᠪᠠᠢᠢᠭᠤᠯᠤᠯᠲᠠ ᠢᠢᠨ ᠬᠤᠪᠢ ᠳᠤᠷ ᠥᠷᠭᠡᠵᠢᠨ᠂ ᠣᠢ ᠢᠢ ᠠᠷᠠᠴᠢᠯᠠᠨ ᠬᠠᠮᠠᠭᠠᠯᠠᠬᠤ ᠠᠵᠢᠯ ᠢ ᠰᠢᠨᠵᠢᠯᠠᠬᠦ ᠤᠬᠠᠭᠠᠨ ᠤ ᠦᠨᠳᠦᠰᠦ ᠲᠡᠢ ᠵᠣᠬᠢᠶᠠᠨ ᠪᠠᠢᠢᠭᠤᠯᠵᠤ᠂ ᠣᠢ ᠢᠢᠨ ᠨᠥᠭᠡᠴᠡ ᠢᠢ ᠵᠣᠬᠢᠰᠲᠠᠢ ᠠᠰᠢᠭᠯᠠᠬᠤ ᠴᠢᠭᠯᠡᠯ ᠳᠦᠷ ᠶᠡᠬᠡᠬᠡᠨ ᠠᠬᠢᠴᠠ᠂ ᠳᠡᠪᠰᠢᠯ ᠭᠠᠷᠴᠡᠢ᠃
ᠣᠢ ᠮᠣᠳᠤᠨ ᠤ ᠠᠵᠤ ᠦᠢᠯᠡᠳᠪᠦᠷᠢ ᠢᠢᠨ ᠰᠠᠯᠪᠤᠷᠢ ᠨᠢ 1980 ᠊ᠭᠠᠳ ᠣᠨ ᠤ ᠳᠤᠮᠳᠠ ᠦᠶ᠎ᠡ ᠭᠡᠬᠦ ᠳᠥ ᠪᠡᠶ᠎ᠡ ᠳᠠᠭᠠᠭᠠᠭᠰᠠᠨ ᠣᠢ᠂ ᠮᠣᠳᠤᠨ ᠤ ᠠᠵᠤ ᠦᠢᠯᠡᠳᠪᠦᠷᠢ ᠢᠢᠨ ᠶᠠᠮᠤ ᠲᠠᠢ᠂ 60 ᠣᠷᠴᠢᠮ ᠦᠢᠯᠡᠳᠪᠦᠷᠢ᠂ ᠵᠢᠷᠭᠤᠭᠠᠨ ᠲᠣᠮᠣᠬᠠᠨ ᠴᠣᠭᠴᠠᠯᠠᠪᠤᠷᠢ ᠻᠣᠮᠪᠢᠨᠠᠲ᠋᠂ ᠨᠡᠢᠢᠲᠡ 10.000 ᠭᠠᠷᠤᠶ ᠠᠵᠢᠯᠴᠢᠨ᠂ ᠠᠯᠪᠠᠨ ᠬᠠᠭᠠᠭᠴᠢ ᠲᠠᠢ ᠪᠣᠯᠤᠭᠰᠠᠨ᠃
ᠲᠤᠬᠠᠶ ᠢᠢᠨ ᠦᠶ᠎ᠡ ᠳᠦᠷ ᠠᠵᠤ ᠦᠢᠯᠡᠳᠪᠦᠷᠢ ᠢᠢᠨ ᠨᠡᠢᠢᠲᠡ ᠪᠦᠲᠦᠭᠡᠭ᠍ᠳᠡᠬᠦᠨ ᠦ 15 ᠣᠷᠴᠢᠮ ᠬᠤᠪᠢ ᠢᠢ ᠦᠢᠯᠡᠳᠪᠦᠷᠢᠯᠡᠵᠦ᠂ ᠪᠦᠲᠦᠭᠡᠭ᠍ᠳᠡᠬᠦᠨ ᠦ ᠪᠡᠨ 20 ᠣᠷᠴᠢᠮ ᠬᠤᠪᠢ ᠢᠢ ᠡᠻᠰᠫᠣᠷᠲ᠋ᠯᠠᠳᠠᠭ᠂ ᠮᠣᠳᠤ ᠲᠠᠷᠢᠵᠤ ᠤᠷᠭᠤᠭᠤᠯᠬᠤ᠂ ᠬᠥᠨᠦᠭᠡᠯᠲᠦ ᠰᠢᠪᠠᠵᠢ᠂ ᠲᠦᠢᠮᠡᠷ ᠡᠴᠡ ᠬᠠᠮᠠᠭᠠᠯᠠᠬᠤ ᠵᠡᠷᠭᠡ ᠢᠵᠢ ᠪᠦᠷᠢᠨ᠂ ᠴᠣᠭᠴᠠ ᠠᠷᠭ᠎ᠠ ᠬᠡᠮᠵᠢᠶ᠎ᠡ ᠢᠢ ᠬᠡᠷᠡᠭᠵᠢᠭᠦᠯᠳᠡᠭ ᠲᠣᠮᠣᠬᠠᠨ ᠰᠠᠯᠪᠤᠷᠢ ᠪᠣᠯᠤᠨ ᠬᠥᠭ᠍ᠵᠢᠭᠰᠡᠨ ᠶᠤᠮ᠃