ᠮᠣᠩ᠍ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ ᠥᠪᠦᠷᠬᠠᠩ᠍ᠭᠠᠢ ᠠᠢᠢᠮᠠᠭ ᠲᠤ ᠠᠵᠢᠯᠯᠠᠵᠤ ᠪᠠᠢᠢᠨ᠎ᠠ᠃ ᠮᠣᠩ᠍ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠶᠢᠨ 2018 ᠣᠨ ᠤ 7 ᠳ᠋ᠤᠭᠠᠷ ᠰᠠᠷ᠎ᠠ ᠶᠢᠨ 8 ᠍ ᠤ ᠡᠳᠦᠷ ᠭᠠᠷᠭᠠᠭᠰᠠᠨ 95 ᠳ᠋ᠤᠭᠠᠷ ᠵᠠᠷᠯᠢᠭ ᠤᠨ ᠳᠠᠭᠠᠭᠤ ᠲᠡᠷᠡᠪᠡᠷ ᠥᠨᠥᠳᠥᠷ ᠮᠣᠩ᠍ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ ᠥᠪᠦᠷᠬᠠᠩ᠍ᠭᠠᠢ ᠠᠢᠢᠮᠠᠭ ᠤᠨ ᠪᠠᠷᠠᠭᠤᠨᠪᠠᠶᠠᠨ-ᠤᠯᠠᠭᠠᠨ ᠰᠤᠮᠤ ᠢᠢᠨ ᠢᠷᠭᠡᠨ ᠭᠣᠨᠴᠣᠭ ᠤᠨ ᠪᠠᠲᠤᠰᠠᠭᠤᠷᠢ ᠳᠤ ᠮᠣᠩ᠍ᠭᠣᠯ ᠤᠯᠤᠰ ᠤᠨ ᠡᠷᠡᠭᠦᠯ ᠢ ᠬᠠᠮᠠᠭᠠᠯᠠᠬᠤ ᠢᠢᠨ ᠭᠠᠪᠢᠶᠠᠲᠤ ᠠᠵᠢᠯᠲᠠᠨ ᠴᠣᠯᠠ ᠬᠦᠷᠲᠡᠭᠡᠯ᠎ᠡ᠃
ᠮᠥᠨ ᠮᠣᠩ᠍ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ ᠭᠣᠨᠴᠣᠭ ᠤᠨ ᠪᠠᠲᠤᠰᠠᠭᠤᠷᠢ ᠡᠮᠴᠢ ᠳᠥ ᠬᠦᠨᠳᠦᠳᠬᠡᠯ ᠦᠵᠡᠭᠦᠯᠬᠦ ᠶᠣᠰᠣᠯᠠᠯ ᠤᠨ ᠦᠢᠯᠡ ᠠᠵᠢᠯᠯᠠᠭᠠᠨ ᠳᠤ ᠣᠷᠣᠯᠴᠠᠵᠤ᠂ ᠦᠭᠡ ᠬᠡᠯᠡᠪᠡ᠃
ᠮᠣᠩ᠍ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ᠄
《ᠰᠠᠢᠢᠨ ᠪᠠᠢᠢᠵᠠᠭᠠᠨ᠎ᠠ ᠤᠤ᠂ ᠪᠠᠷᠠᠭᠤᠨᠪᠠᠶᠠᠨ-ᠤᠯᠠᠭᠠᠨ ᠰᠤᠮᠤ ᠢᠢᠨ ᠠᠷᠠᠳ ᠢᠷᠭᠡᠳ ᠡ᠂
ᠲᠠᠪᠠᠲᠠᠢ ᠰᠠᠢᠢᠬᠠᠨ ᠵᠤᠰᠠᠵᠠᠭᠠᠵᠤ ᠪᠠᠢᠢᠨ᠎ᠠ ᠤᠤ?
ᠨᠠᠷᠠ ᠬᠤᠷ᠎ᠠ ᠲᠡᠭᠰᠢᠷᠡᠭᠰᠡᠨ ᠵᠤᠨ ᠤ ᠠᠳᠠᠭ ᠰᠠᠷ᠎ᠠ ᠢᠢᠨ ᠰᠢᠨ᠎ᠡ ᠢᠢᠨ ᠲᠠᠪᠤᠨ ᠤ ᠳᠠᠰᠢᠨᠢᠮ᠎ᠠ ᠲᠠᠢ ᠪᠡᠯᠭᠡᠲᠦ ᠰᠠᠢᠢᠨ ᠡᠳᠦᠷ ᠮᠣᠩ᠍ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ ᠭ ∙ ᠪᠠᠲᠤᠰᠠᠭᠤᠷᠢ ᠭᠤᠸᠠᠢ ᠳᠤ ᠮᠣᠩ᠍ᠭᠣᠯ ᠤᠯᠤᠰ ᠤᠨ ᠡᠷᠡᠭᠦᠯ ᠢ ᠬᠠᠮᠠᠭᠠᠯᠠᠬᠤ ᠢᠢᠨ ᠭᠠᠪᠢᠶᠠᠲᠤ ᠠᠵᠢᠯᠲᠠᠨ ᠴᠣᠯᠠ ᠬᠦᠷᠲᠡᠭᠡᠵᠦ ᠪᠠᠢᠢᠭ᠎ᠠ ᠳᠤ ᠪᠠᠨ ᠲᠤᠢᠢᠯ ᠤᠨ ᠪᠠᠶᠠᠷᠲᠠᠢ ᠪᠠᠢᠢᠨ᠎ᠠ᠃
ᠮᠣᠩ᠍ᠭᠣᠯᠴᠤᠳ ᠤᠨ ᠵᠢᠷᠠᠨ ᠤ ᠲᠣᠭᠠᠯᠠᠯ ᠢᠶᠠᠷ ᠪᠣᠯ ᠭᠣᠨᠴᠣᠭ ᠤᠨ ᠪᠠᠲᠤᠰᠠᠭᠤᠷᠢ ᠭᠤᠸᠠᠢ ᠪᠦᠲᠦᠨ ᠨᠢᠭᠡᠨ ᠵᠢᠷᠠᠨ ᠢ ᠬᠦᠮᠦᠨ ᠠᠷᠠᠳ ᠤᠨ ᠢᠶᠠᠨ ᠡᠷᠡᠭᠦᠯ ᠡᠩᠬᠡ ᠢᠢᠨ ᠲᠥᠯᠥᠭᠡ ᠵᠣᠷᠢᠭᠤᠯᠵᠠᠢ᠃ ᠰᠤᠮᠤ ᠢᠢᠨ ᠢᠶᠠᠨ ᠪᠦᠬᠦ ᠪᠠᠭ ᠲᠤ ᠡᠮᠴᠢ ᠪᠡᠷ ᠠᠵᠢᠯᠯᠠᠭᠰᠠᠨ ᠠᠴᠠ ᠭᠠᠳᠠᠨ᠎ᠠ ᠠᠷᠠᠳ ᠤᠨ ᠤᠯᠠᠮᠵᠢᠯᠠᠯᠲᠤ ᠪᠠᠷᠢᠶ᠎ᠠ ᠵᠠᠰᠠᠯ ᠢ ᠣᠷᠴᠢᠨ ᠦᠶ᠎ᠡ ᠢᠢᠨ ᠠᠨᠠᠭᠠᠬᠤ ᠤᠬᠠᠭᠠᠨ ᠲᠠᠢ ᠬᠣᠣᠰᠯᠠᠭᠤᠯᠤᠨ ᠣᠯᠠᠨ ᠱᠠᠪᠢ ᠨᠠᠷ ᠢ ᠪᠡᠯᠡᠳᠬᠡᠨ ᠭᠠᠷᠭᠠᠵᠤ᠂ ᠨᠠᠰᠤ 86 ᠬᠦᠷᠦᠭᠰᠡᠨ ᠬᠡᠳᠦᠢ ᠴᠤ ᠭ ∙ ᠪᠠᠲᠤᠰᠠᠭᠤᠷᠢ ᠭᠤᠸᠠᠢ ᠠᠷᠠᠳ ᠣᠯᠠᠨ ᠤ ᠪᠠᠨ ᠡᠷᠡᠭᠦᠯ ᠮᠡᠨᠳᠦ ᠢᠢᠨ ᠲᠥᠯᠥᠭᠡ ᠣᠳᠣ ᠢᠢ ᠬᠦᠷᠲᠡᠯ᠎ᠡ ᠲᠠᠰᠤᠷᠠᠯᠲᠠ ᠦᠭᠡᠢ ᠵᠢᠳᠬᠦᠭ᠍ᠰᠡᠭᠡᠷ ᠯᠠ ᠪᠠᠢᠢᠭ᠎ᠠ᠃
ᠡᠳᠦᠭᠡ ᠡᠴᠡ 50 ᠵᠢᠯ ᠦᠨ ᠡᠮᠦᠨᠡᠬᠢ ᠪᠤᠶᠤ 1967 ᠣᠨ ᠳᠤ ᠪᠠᠷᠠᠭᠤᠨᠪᠠᠶᠠᠨ-ᠤᠯᠠᠭᠠᠨ ᠰᠤᠮᠤ ᠢᠢᠨ ᠠᠪᠤᠷᠭᠤ ᠡᠮᠴᠢ ᠭ ∙ ᠪᠠᠲᠤᠰᠠᠭᠤᠷᠢ ᠥᠨᠥᠳᠥᠷ ᠮᠣᠩ᠍ᠭᠣᠯ ᠤᠯᠤᠰ ᠤᠨ ᠡᠷᠡᠭᠦᠯ ᠢ ᠬᠠᠮᠠᠭᠠᠯᠠᠬᠤ ᠢᠢᠨ ᠭᠠᠪᠢᠶᠠᠲᠤ ᠠᠵᠢᠯᠲᠠᠨ ᠠᠯᠳᠠᠷ ᠲᠤ ᠬᠦᠷᠥᠯ᠎ᠡ᠃ ᠰᠤᠮᠤ ᠣᠷᠣᠨ ᠨᠤᠲᠤᠭ ᠤᠨ ᠢᠶᠠᠨ ᠬᠥᠭ᠍ᠵᠢᠯ ᠳᠡᠪᠰᠢᠯ᠂ ᠬᠦᠮᠦᠨ ᠵᠣᠨ ᠤ ᠪᠠᠨ ᠡᠷᠡᠭᠦᠯ ᠮᠡᠨᠳᠦ ᠢᠢᠨ ᠲᠥᠯᠥᠭᠡ ᠵᠣᠷᠢᠭᠤᠯᠤᠭᠰᠠᠨ ᠬᠥᠳᠡᠯᠮᠦᠷᠢ ᠵᠢᠳᠬᠦᠯ ᠪᠦᠬᠦᠨ ᠲᠠᠨᠢ ᠤᠯᠤᠰ ᠣᠷᠣᠨ ᠤ ᠪᠠᠨ ᠡᠮᠦᠨ᠎ᠡ ᠪᠠᠢᠢᠭᠤᠯᠤᠭᠰᠠᠨ ᠭᠠᠪᠢᠶ᠎ᠠ ᠶᠤᠮ ᠰᠢᠦ᠃
ᠲᠠ ᠵᠠᠭᠤ ᠨᠠᠰᠤᠯᠠᠵᠤ᠂ ᠵᠢᠷᠭᠤᠭᠠᠳᠠᠢ ᠲᠠᠶᠠᠭ ᠲᠤᠯᠵᠤ᠂ ᠵᠣᠨ ᠣᠯᠠᠨ ᠳᠤ ᠪᠠᠨ ᠪᠤᠶᠠᠨᠲᠤ ᠦᠢᠯᠡᠰ ᠢᠶᠡᠨ ᠢᠮᠠᠭᠲᠠ ᠲᠦᠭᠡᠭᠡᠵᠦ ᠶᠠᠪᠤᠭᠠᠷᠠᠢ᠃
ᠰᠠᠢᠢᠨ ᠦᠢᠯᠡᠰ ᠪᠦᠬᠦᠨ ᠠᠰᠢᠳᠠ ᠳᠡᠯᠭᠡᠷᠡᠬᠦ ᠪᠣᠯᠲᠤᠭᠠᠢ》 ᠭᠡᠪᠡ᠃