XVII ᠵᠢᠷᠠᠨ ᠤ 《ᠡᠯᠳᠡᠪ ᠡᠷᠳᠡᠨᠢᠲᠦ》 ᠬᠡᠮᠡᠬᠦ ᠮᠣᠳᠤᠨ ᠮᠣᠭᠠᠢ ᠵᠢᠯ ᠦᠨ ᠰᠠᠷ ᠠ ᠰᠢᠨ᠎ᠡ ᠢᠢᠨ ᠪᠠᠶᠠᠷ ᠤᠨ ᠥᠷᠯᠦᠭᠡ 08᠄25 ᠴᠠᠭ ᠲᠤ ᠮᠣᠩᠭ᠋ᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠶᠢᠰᠦᠨ ᠬᠥᠯᠲᠦ ᠴᠠᠭᠠᠨ ᠲᠤᠭ ᠲᠤ ᠬᠦᠨᠳᠦᠳᠬᠡᠯ ᠦᠵᠡᠭᠦᠯᠪᠡ᠃

ᠳᠠᠷᠠᠭ᠎ᠠ ᠨᠢ ᠤᠯᠤᠰ ᠤᠨ ᠶᠡᠬᠡ ᠬᠤᠷᠠᠯ ᠤᠨ ᠳᠠᠷᠤᠭ᠎ᠠ ᠳᠠᠰᠢᠵᠡᠭ᠍ᠪᠡ ᠢᠢᠨ ᠠᠮᠤᠷᠪᠠᠶᠠᠰᠬᠤᠯᠠᠩ᠂ ᠮᠣᠩᠭ᠋ᠤᠯ ᠤᠯᠤᠰ ᠤᠨ ᠶᠡᠷᠦᠩᠬᠡᠢ ᠰᠠᠢᠢᠳ ᠯᠤᠪᠰᠠᠩᠨᠠᠮᠰᠠᠷᠠᠢ ᠢᠢᠨ ᠣᠶᠤᠨ-ᠡᠷᠳᠡᠨᠢ ᠨᠠᠷ ᠠᠯᠳᠠ ᠴᠡᠩᠬᠡᠷ ᠬᠠᠳᠠᠭ ᠳᠡᠯᠭᠡᠨ ᠲᠥᠷᠦ ᠢᠢᠨ ᠲᠡᠷᠢᠭᠦᠨ ᠦ ᠠᠮᠤᠷ ᠮᠡᠨᠳᠦ ᠢᠢ ᠡᠷᠢᠨ ᠵᠣᠯᠭᠠᠪᠠ᠃


ᠲᠥᠷᠦ ᠢᠢᠨ ᠵᠣᠯᠭᠠᠯᠲᠠ ᠢᠢᠨ ᠳᠠᠷᠠᠭ᠎ᠠ ᠰᠣᠶᠤᠯ ᠤᠨ ᠲᠡᠷᠢᠭᠦᠨ ᠦ ᠠᠵᠢᠯᠲᠠᠨ᠂ ᠢᠷᠦᠭᠡᠯᠴᠢ᠂ ᠮᠠᠭᠲᠠᠭᠠᠯᠴᠢ᠂ ᠮᠣᠷᠢᠨ ᠬᠤᠭᠤᠷᠴᠢ ᠴ᠂ ᠰᠣᠶᠤᠯ-ᠡᠷᠳᠡᠨᠢ ᠲᠥᠷᠦ ᠢᠢᠨ ᠬᠠᠨ ᠬᠤᠭᠤᠷ ᠤᠨ ᠬᠥᠭ᠌ ᠢ ᠲᠡᠭᠰᠢᠯᠡᠯ ᠡ᠃
ᠲᠥᠷᠦ ᠢᠢᠨ ᠬᠠᠨ ᠬᠤᠭᠤᠷ ᠲᠤ᠄
《ᠵᠡ ᠬᠦ᠋᠂ ᠲᠡᠭᠦᠯᠳᠡᠷ ᠮᠣᠩᠭ᠋ᠤᠯ ᠣᠷᠤᠨ ᠤ ᠪᠠᠨ ᠲᠥᠷᠦ ᠢᠢᠨ ᠮᠠᠭᠲᠠᠭᠠᠯ ᠢ ᠠᠶᠠᠯᠠᠭᠤᠯᠠᠨ ᠠᠢᠢᠯᠠᠳᠬᠠᠢ ᠠ᠃
ᠡᠬᠡ ᠣᠷᠤᠨ᠂ ᠲᠤᠰᠠᠭᠠᠷ ᠲᠣᠭᠲᠠᠨᠢᠯ ᠢᠢᠠᠨ
ᠡᠷᠬᠢᠮ ᠲᠥᠷᠦ ᠪᠡᠨ᠂ ᠲᠠᠮᠠᠭ᠎ᠠ᠂ ᠰᠦᠯᠳᠡ ᠪᠡᠨ
ᠠᠯᠲᠠᠨ ᠰᠣᠶᠤᠩᠪᠤᠲᠤ ᠳᠠᠯᠪᠠᠭ᠎ᠠ ᠪᠠᠨ
ᠠᠭᠤᠤ ᠵᠢᠪᠬᠤᠯᠠᠩᠲᠤ ᠲᠥᠷᠦ ᠢᠢᠨ ᠳᠠᠭᠤᠯᠠᠯ ᠢᠢᠠᠨ
ᠡᠴᠢᠭᠡ ᠲᠨᠭᠷᠢ᠂ ᠡᠬᠡ ᠭᠠᠵᠠᠷ ᠲᠠᠭᠠᠨ
ᠡᠵᠡᠨ ᠴᠢᠩᠭᠢᠰ᠂ ᠬᠠᠷ ᠠ ᠰᠦᠯᠳᠡ ᠳᠡᠭᠡᠨ
ᠶᠢᠰᠦᠨ ᠴᠠᠭᠠᠨ ᠲᠤᠭ ᠲᠠᠭᠠᠨ ᠰᠦᠰᠦᠯᠦᠨ ᠳᠡᠭᠡᠳᠦᠯᠡᠵᠦ ᠳᠠᠭᠠᠳᠬᠠᠢ ᠠ᠃
ᠠᠰᠢᠳᠠ ᠮᠥᠩᠬᠡ ᠢᠢᠨ ᠨᠢᠭᠤᠴᠠ ᠲᠣᠪᠴᠢᠶ ᠠ ᠪᠠᠨ
ᠠᠶᠠᠯᠭᠤ ᠡᠭᠡᠰᠢᠭᠲᠦ ᠬᠠᠨ ᠬᠤᠭᠤᠷ ᠢᠢᠠᠨ
ᠬᠥᠬᠡ ᠮᠣᠩᠭ᠋ᠤᠯ ᠤᠨ ᠬᠦᠨᠳᠦᠲᠦ ᠨᠤᠮᠤ ᠪᠠᠨ
ᠬᠦᠨᠳᠦᠯᠡᠨ ᠳᠡᠭᠡᠳᠦᠯᠡᠬᠦ ᠦᠨᠳᠦᠰᠦᠨ ᠬᠠᠤᠯᠢ ᠪᠠᠨ
ᠡᠴᠢᠭᠡ ᠲᠨᠭᠷᠢ᠂ ᠡᠬᠡ ᠭᠠᠵᠠᠷ ᠲᠠᠭᠠᠨ
ᠡᠵᠡᠨ ᠴᠢᠩᠭᠢᠰ᠂ ᠬᠠᠷ ᠠ ᠰᠦᠯᠳᠡ ᠳᠡᠭᠡᠨ
ᠶᠢᠰᠦᠨ ᠴᠠᠭᠠᠨ ᠲᠤᠭ ᠲᠠᠭᠠᠨ ᠰᠦᠰᠦᠯᠦᠨ ᠳᠡᠭᠡᠳᠦᠯᠡᠵᠦ ᠳᠠᠭᠠᠳᠬᠠᠢ ᠠ》 ᠬᠡᠮᠡᠨ ᠲᠥᠷᠦ᠂ ᠲᠦᠮᠡᠨ ᠳᠡᠭᠡᠨ ᠡᠷᠭᠦᠬᠦ ᠠᠢᠢᠯᠠᠳᠬᠠᠯ᠂ ᠮᠠᠭᠲᠠᠭᠠᠯ ᠢ ᠡᠷᠭᠦᠨ ᠪᠠᠷᠢᠯ ᠠ᠃
ᠮᠥᠨ ᠮᠣᠩᠭ᠋ᠤᠯ ᠤᠨ ᠪᠤᠷᠬᠠᠨ ᠱᠠᠰᠢᠨᠲᠠᠨ ᠤ ᠲᠥᠪ ᠭᠠᠩᠳᠠᠩᠲᠦᠭᠴᠢᠩᠯᠢᠩ ᠬᠡᠢᠢᠳ ᠦᠨ ᠲᠡᠷᠢᠭᠦᠨ ᠶᠡᠬᠡ ᠬᠠᠩᠪᠤ ᠯᠠᠮᠠ᠂ ᠭᠡᠪᠰᠢ ᡀᠠᠷᠠᠮᠪᠠ ᠳᠤ᠊᠂ ᠵᠢᠪᠵᠤᠨᠳᠣᠷᠵᠢ ᠮᠣᠩᠭ᠋ᠤᠯ ᠤᠯᠤᠰ ᠤᠨ ᠶᠡᠷᠦᠩᠬᠡᠢᠢᠯᠡᠭᠴᠢ᠂ ᠤᠯᠤᠰ ᠤᠨ ᠶᠡᠬᠡ ᠬᠤᠷᠠᠯ ᠤᠨ ᠳᠠᠷᠤᠭ᠎ᠠ᠂ ᠮᠣᠩᠭ᠋ᠤᠯ ᠤᠯᠤᠰ ᠤᠨ ᠶᠡᠷᠦᠩᠬᠡᠢ ᠰᠠᠢᠢᠳ ᠨᠠᠷ ᠲᠤ ᠵᠣᠯᠭᠠᠵᠤ᠂ ᠮᠣᠳᠤᠨ ᠮᠣᠭᠠᠢ ᠵᠢᠯ ᠦᠨ ᠥᠩᠭᠡ ᠢᠢ ᠬᠡᠯᠡᠯᠴᠡᠪᠡ᠃



