Та "Internet explorer"-ийн сүүлийн хувилбар болох "Microsoft edge"-г ашиглана уу

Хэрэв "Microsoft edge"-г татах бол энд дарж татаж авна уу

ᠭᠠᠩᠳᠠᠩᠲᠦᠭᠴᠢᠩᠯᠢᠩ ᠬᠡᠢᠢᠳ ᠶᠡᠬᠡ ᠬᠠᠭᠠᠨ ᠤ ᠰᠢᠲᠦᠭᠡᠨ ᠬᠥᠷᠦᠭ ᠢ ᠡᠷᠬᠢᠮᠯᠠᠨ ᠵᠠᠯᠠᠯ᠎ᠠ

XVII ᠵᠢᠷᠠᠨ ᠤ 《ᠡᠯᠳᠡᠪ ᠡᠷᠳᠡᠨᠢᠲᠦ》 ᠬᠡᠮᠡᠬᠦ ᠬᠥᠬᠡᠭ᠍ᠴᠢᠨ ᠮᠣᠭᠠᠢ ᠵᠢᠯ ᠦᠨ ᠬᠠᠪᠤᠷ ᠤᠨ ᠲᠡᠷᠢᠭᠦᠨ ᠰᠠᠷ ᠠ ᠢᠢᠨ ᠰᠢᠨ᠎ᠡ ᠢᠢᠨ 8 ᠤ ᠥᠯᠵᠡᠢ ᠪᠡᠯᠭᠡᠲᠦ ᠡᠨᠡ ᠡᠳᠦᠷ ᠮᠣᠩᠭ᠋ᠤᠯ ᠤᠨ ᠪᠤᠷᠬᠠᠨ ᠱᠠᠰᠢᠨᠲᠠᠨ ᠤ ᠲᠥᠪ – ᠭᠠᠩᠳᠠᠩᠲᠦᠭᠴᠢᠩᠯᠢᠩ ᠬᠡᠢᠢᠳ ᠲᠥ ᠡᠵᠡᠨ ᠪᠣᠭᠳᠠ ᠴᠢᠩᠭᠢᠰ ᠬᠠᠭᠠᠨ ᠤ ᠰᠢᠲᠦᠭᠡᠨ ᠬᠥᠷᠦᠭ ᠢ ᠵᠠᠯᠠᠯ᠎ᠠ᠃

ᠮᠣᠩᠭ᠋ᠤᠯᠴᠤᠳ ᠣᠶᠤᠨ ᠰᠠᠨᠠᠭᠠᠨ ᠤ ᠡᠷᠬᠡ ᠴᠢᠯᠦᠭᠡ ᠢᠢ ᠳᠡᠭᠡᠳᠦᠯᠡᠵᠦ᠂ ᠣᠯᠠᠨ ᠤᠷᠭᠤᠯᠴᠢ ᠦᠵᠡᠯ ᠢ ᠬᠦᠨᠳᠦᠳᠬᠡᠵᠦ ᠢᠷᠡᠭᠰᠡᠨ ᠤᠯᠠᠮᠵᠢᠯᠠᠯ ᠲᠠᠢ᠃ ᠡᠵᠡᠨ ᠪᠣᠭᠳᠠ ᠴᠢᠩᠭᠢᠰ ᠬᠠᠭᠠᠨ᠂ ᠮᠣᠩᠭ᠋ᠤᠯ ᠬᠠᠭᠠᠳ᠂ ᠢᠵᠠᠭᠤᠷᠲᠠᠨ ᠨᠤᠭᠤᠳ ᠠᠯᠢᠪᠠ ᠱᠠᠰᠢᠨ ᠰᠢᠲᠦᠯᠭᠡ ᠳᠥ ᠬᠦᠨᠳᠦᠳᠬᠡ ᠲᠡᠢ ᠬᠠᠨᠳᠤᠨ᠂ ᠰᠦᠮ ᠡ ᠬᠡᠢᠢᠳ ᠢ ᠠᠯᠪᠠ ᠲᠠᠲᠠᠪᠤᠷᠢ ᠠᠴᠠ ᠴᠢᠯᠦᠭᠡᠯᠡᠵᠦ ᠪᠠᠢᠢᠰᠠᠨ ᠲᠡᠦᠬᠡ ᠲᠡᠢ᠃

ᠪᠣᠳᠢ ᠰᠡᠳᠬᠢᠯ᠂ ᠪᠢᠯᠢᠭ ᠤᠬᠠᠭᠠᠨ ᠢ ᠡᠷᠬᠢᠮᠯᠡᠳᠡᠭ ᠪᠤᠷᠬᠠᠨ ᠤ ᠱᠠᠰᠢᠨ ᠨᠢ ᠮᠣᠩᠭ᠋ᠤᠯ ᠬᠦᠮᠦᠨ ᠲᠡᠢ 2000 ᠭᠠᠷᠤᠢ ᠵᠢᠯ ᠦᠨ ᠡᠮᠦᠨ᠎ᠡ ᠡᠴᠡ ᠢᠵᠢᠯᠳᠡᠵᠦ᠂ ᠮᠣᠩᠭ᠋ᠤᠯᠴᠤᠳ ᠤᠨ ᠣᠶᠤᠨ ᠰᠠᠨᠠᠭ᠎ᠠ᠂ ᠶᠢᠷᠲᠢᠨᠴᠦ ᠢᠢ ᠦᠵᠡᠬᠦ ᠦᠵᠡᠯ᠂ ᠵᠠᠩ ᠵᠠᠩᠰᠢᠯ᠂ ᠥᠪ ᠰᠣᠶᠤᠯ ᠤᠨ ᠬᠥᠷᠦᠰᠦᠨ ᠳᠥ ᠭᠦᠨᠵᠡᠭᠡᠢ ᠨᠤᠲᠤᠭᠰᠢᠨ ᠢᠳᠡᠭᠡᠰᠢᠭᠰᠡᠨ᠂ ᠬᠦᠮᠦᠨ ᠲᠥᠷᠦᠯᠬᠢᠲᠡᠨ ᠦ ᠰᠣᠶᠤᠯ ᠰᠡᠳᠬᠢᠯᠭᠡᠨ ᠦ ᠪᠦᠷᠢᠯᠳᠦᠬᠦᠨ ᠬᠡᠰᠡᠭ ᠶᠤᠮ᠃

ᠡᠨᠡᠷᠢᠨ ᠨᠢᠭᠦᠯᠡᠰᠬᠦᠢ ᠢᠢ ᠨᠤᠮᠯᠠᠨ ᠰᠤᠷᠭᠠᠳᠠᠭ ᠪᠤᠷᠬᠠᠨ ᠤ ᠱᠠᠰᠢᠨ ᠤ ᠮᠡᠳᠡᠯᠭᠡ ᠤᠬᠠᠭᠠᠨ ᠢ ᠬᠥᠭ᠍ᠵᠢᠭᠦᠯᠬᠦ᠂ ᠲᠦᠭᠡᠭᠡᠨ ᠳᠡᠯᠭᠡᠷᠡᠭᠦᠯᠬᠦ᠂ ᠰᠤᠳᠤᠯᠤᠨ ᠰᠤᠷᠬᠤ ᠳᠤ ᠮᠣᠩᠭ᠋ᠤᠯᠴᠤᠳ ᠲᠣᠳᠤᠷᠬᠠᠢ ᠬᠤᠪᠢ ᠨᠡᠮᠡᠷᠢ ᠣᠷᠤᠭᠤᠯᠤᠭᠰᠠᠨ ᠤ ᠪᠣᠳᠠᠲᠤ ᠢᠯᠡᠷᠡᠯ ᠨᠢ ᠮᠣᠩᠭ᠋ᠤᠯ ᠤᠨ ᠣᠨᠴᠠᠯᠢᠭ ᠪᠦᠬᠦᠢ ᠪᠤᠷᠬᠠᠨ ᠤ ᠱᠠᠰᠢᠨ ᠢ ᠬᠥᠭ᠍ᠵᠢᠭᠦᠯᠦᠭᠰᠡᠨ ᠶᠠᠪᠤᠳᠠᠯ ᠮᠥᠨ ᠪᠣᠯᠬᠤ ᠢᠢ ᠰᠤᠳᠤᠯᠤᠭᠠᠴᠢᠳ ᠲᠡᠮᠳᠡᠭᠯᠡᠳᠡᠭ᠃ ᠡᠢᠢᠮᠦ ᠡᠴᠡ《ᠡᠪ ᠨᠢᠭᠡᠳᠦᠯ ᠢ ᠬᠠᠩᠭ᠋ᠠᠬᠤ᠂ ᠪᠡᠬᠢᠵᠢᠭᠦᠯᠬᠦ᠂ ᠣᠶᠤᠨ ᠰᠠᠨᠠᠭ᠎ᠠ ᠢᠢ ᠠᠷᠢᠭᠤᠰᠬᠠᠬᠤ᠂ ᠭᠡᠭᠡᠷᠡᠭᠦᠯᠬᠦ᠂ ᠰᠣᠶᠤᠯ ᠤᠯᠠᠮᠵᠢᠯᠠᠯ ᠢ ᠬᠠᠳᠠᠭᠠᠯᠠᠬᠤ᠂ ᠳᠠᠮᠵᠢᠭᠤᠯᠬᠤ᠂ ᠶᠣᠰᠤ ᠰᠤᠷᠲᠠᠬᠤᠨ᠂ ᠬᠦᠮᠦᠵᠢᠯ ᠢ ᠲᠥᠯᠦᠪᠰᠢᠭᠦᠯᠬᠦ ᠳᠥ ᠮᠣᠩᠭ᠋ᠤᠯ ᠤᠨ ᠪᠤᠷᠬᠠᠨ ᠱᠠᠰᠢᠨᠲᠠᠨ ᠤ ᠲᠥᠪ – ᠭᠠᠩᠳᠠᠩᠲᠦᠭᠴᠢᠩᠯᠢᠩ ᠬᠡᠢᠢᠳ ᠮᠠᠩᠯᠠᠢᠢᠯᠠᠨ ᠠᠵᠢᠯᠯᠠᠨ᠎ᠠ》 ᠭᠡᠳᠡᠭ ᠲᠥ ᠢᠳᠡᠭᠡᠯ ᠲᠡᠢ ᠪᠠᠢᠢᠭ᠎ᠠ ᠪᠠᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠭᠣ᠊᠂ ᠽᠠᠨᠳᠠᠨᠰᠢᠲᠠᠷ ᠠ ᠢᠯᠡᠷᠬᠡᠢᠢᠯᠡᠯ ᠡ᠃