Та "Internet explorer"-ийн сүүлийн хувилбар болох "Microsoft edge"-г ашиглана уу

Хэрэв "Microsoft edge"-г татах бол энд дарж татаж авна уу

ᠶᠡᠷᠦᠩᠬᠡᠢᠢᠯᠡᠭᠴᠢ ᠤ᠂ ᠬᠦᠷᠡᠯᠰᠦ᠋ᠬᠡ ᠡᠵᠢ ᠨᠦᠭᠦᠳ᠂ ᠥᠬᠢᠳ᠂ ᠪᠦᠰᠡᠭᠦᠢᠢᠴᠦᠳ ᠲᠥ ᠪᠠᠶᠠᠷ ᠤᠨ ᠮᠡᠨᠳᠦ ᠬᠦᠷᠭᠡᠯ᠎ᠠ

ᠣᠯᠠᠨ ᠤᠯᠤᠰ ᠤᠨ ᠡᠮᠡᠭᠲᠡᠢᠢᠴᠦᠳ ᠦᠨ ᠡᠷᠬᠡ ᠢᠢ ᠬᠠᠮᠠᠭᠠᠯᠠᠬᠤ ᠡᠳᠦᠷ ᠢ ᠲᠣᠬᠢᠶᠠᠯᠳᠤᠭᠤᠯᠤᠨ ᠲᠥᠷᠦ ᠢᠢᠨ ᠣᠷᠳᠤᠨ ᠳᠤ《ᠠᠯᠳᠠᠷᠲᠤ ᠡᠬᠡ ᠢᠢᠨ ᠣᠳᠤᠨᠲᠤ ᠡᠵᠢ》 ᠬᠦᠨᠳᠦᠳᠬᠡᠯ ᠦᠨ ᠶᠣᠰᠤᠯᠠᠯ ᠵᠣᠬᠢᠶᠠᠨ ᠪᠠᠢᠢᠭᠤᠯᠤᠯ ᠠ᠃

ᠮᠣᠩᠭ᠋ᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠦᠨᠳᠦᠳᠬᠡᠯ ᠦᠨ ᠶᠣᠰᠤᠯᠠᠯ ᠳᠤ ᠣᠷᠤᠯᠴᠠᠭᠰᠠᠨ ᠡᠵᠢ ᠨᠦᠭᠦᠳ᠂ ᠥᠬᠢᠳ᠂ ᠪᠦᠰᠡᠭᠦᠢᠢᠴᠦᠳ ᠲᠥ ᠲᠠᠯᠠᠷᠬᠠᠯ ᠢᠯᠡᠷᠬᠡᠢᠢᠯᠡᠵᠦ᠂ ᠡᠷᠡᠭᠦᠯ ᠡᠩᠬᠡ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠪᠡ᠃

ᠲᠡᠷᠡ ᠪᠡᠷ ᠬᠡᠯᠡᠭᠰᠡᠨ ᠦᠭᠡᠨ ᠳᠡᠭᠡᠨ᠂ ᠢᠵᠢᠢ ᠪᠡᠨ ᠰᠢᠲᠦᠵᠦ᠂ ᠡᠮᠡᠭᠲᠡᠢᠢᠴᠦᠳ ᠢᠢᠡᠨ ᠬᠦᠨᠳᠦᠳᠬᠡᠬᠦ ᠣᠯᠠᠨ ᠵᠠᠭᠤᠨ ᠤ ᠲᠡᠦᠬᠡ ᠲᠡᠢ ᠮᠣᠩᠭ᠋ᠤᠯᠴᠤᠳ ᠡᠨᠡ ᠡᠳᠦᠷ ᠢ ᠥᠬᠢᠳ᠂ ᠡᠮᠡᠭᠲᠡᠢᠢᠴᠦᠳ ᠦᠨ ᠢᠢᠡᠨ ᠡᠷᠬᠡ ᠢᠢ ᠬᠠᠮᠠᠭᠠᠯᠠᠬᠤ ᠪᠣᠳᠤᠯᠭ᠎ᠠ ᠢᠢᠨ ᠬᠡᠷᠡᠭᠵᠢᠯᠲᠡ ᠢᠢ ᠳ᠋ᠦᠩᠨᠡᠨ ᠴᠡᠩᠨᠡᠵᠦ᠂ ᠡᠬᠡᠴᠦᠳ᠂ ᠡᠮᠡᠭᠲᠡᠢᠢᠴᠦᠳ ᠳᠡᠭᠡᠨ ᠬᠦᠨᠳᠦᠳᠬᠡᠯ ᠦᠵᠡᠭᠦᠯᠳᠡᠭ ᠪᠦᠬᠦ ᠨᠡᠢᠢᠲᠡ ᠢᠢᠨ ᠪᠠᠶᠠᠷ ᠤᠨ ᠡᠳᠦᠷ ᠪᠣᠯᠭᠠᠨ ᠲᠡᠮᠳᠡᠭᠯᠡᠵᠦ ᠪᠠᠢᠢᠭ᠎ᠠ ᠢᠢ ᠬᠡᠯᠡᠯ ᠡ᠃

ᠲᠥᠷᠦ ᠡᠴᠡ ᠬᠦᠮᠦᠨ ᠠᠮᠠ ᠪᠠᠨ ᠥᠰᠬᠡᠬᠦ ᠪᠣᠳᠤᠯᠭ᠎ᠠ ᠢᠢ ᠲᠤᠭᠤᠰᠢᠲᠠᠢ ᠬᠡᠷᠡᠭᠵᠢᠭᠦᠯᠬᠦ ᠳᠡᠭᠡᠨ ᠣᠯᠠᠨ ᠬᠡᠦᠬᠡᠳ ᠲᠥᠷᠦᠭᠦᠯᠵᠦ᠂ ᠥᠰᠬᠡᠭᠰᠡᠨ ᠡᠵᠢ ᠨᠦᠭᠦᠳ ᠢᠢᠡᠨ ᠠᠯᠳᠠᠷᠰᠢᠭᠤᠯᠤᠨ᠂ ᠠᠯᠳᠠᠷᠲᠤ ᠡᠬᠡ ᠢᠢᠨ 1, 2 ᠳᠤᠭᠠᠷ ᠣᠳᠤᠨ ᠣᠯᠭᠠᠵᠤ ᠢᠷᠡᠭᠰᠡᠨ᠃ ᠡᠨᠡ ᠵᠢᠯ ᠡᠴᠡ ᠣᠳᠤᠨᠲᠤ ᠡᠵᠢ ᠨᠦᠭᠦᠳ ᠲᠥ ᠣᠯᠭᠠᠳᠠᠭ ᠮᠥᠩᠭᠦᠨ ᠤᠷᠮᠠᠰᠢᠭᠤᠯᠤᠯ ᠤᠨ ᠬᠡᠮᠵᠢᠶ ᠡ ᠢᠢ ᠬᠣᠶᠠᠷ ᠳᠠᠬᠢᠨ ᠨᠡᠮᠡᠭᠰᠡᠨ ᠢ ᠲᠡᠮᠳᠡᠭᠯᠡᠯ ᠡ᠃

ᠡᠵᠢ ᠨᠦᠭᠦᠳ ᠦᠷ ᠡ ᠬᠡᠦᠬᠡᠳ ᠢᠢᠡᠨ ᠥᠰᠬᠡᠵᠦ᠂ ᠡᠷᠳᠡᠮ ᠨᠣᠮ ᠲᠠᠢ᠂ ᠶᠣᠰᠤ ᠰᠤᠷᠲᠠᠬᠤᠨ ᠲᠠᠢ᠂ ᠬᠦᠮᠦᠨᠯᠢᠭ ᠡᠨᠡᠷᠢᠩᠭᠦᠢ᠂ ᠡᠬᠡ ᠣᠷᠤᠨᠴᠢ ᠢᠷᠭᠡᠨ ᠪᠣᠯᠭᠠᠨ ᠲᠥᠯᠦᠪᠰᠢᠭᠦᠯᠬᠦ ᠳᠥ ᠰᠡᠳᠬᠢᠯ ᠵᠢᠷᠦᠬᠡ᠂ ᠬᠠᠢᠢᠷ ᠠ ᠬᠠᠯᠠᠮᠵᠢ ᠪᠠᠨ ᠪᠦᠷᠢᠨ ᠵᠣᠷᠢᠭᠤᠯᠵᠤ᠂ ᠤᠯᠤᠰ ᠣᠷᠤᠨ ᠤ ᠪᠠᠨ ᠬᠥᠭ᠍ᠵᠢᠯ ᠳᠡᠪᠰᠢᠯ ᠳᠥ ᠦᠨᠡᠯᠡᠵᠦ ᠪᠠᠷᠠᠰᠢ ᠦᠭᠡᠢ ᠬᠤᠪᠢ ᠨᠡᠮᠡᠷᠢ ᠣᠷᠤᠭᠤᠯᠵᠤ ᠪᠠᠢᠢᠭ᠎ᠠ ᠢᠢ ᠣᠨᠴᠠᠯᠠᠯ ᠠ᠃

ᠡᠵᠢ ᠨᠦᠭᠦᠳ᠂ ᠡᠮᠡᠭᠲᠡᠢᠢᠴᠦᠳ ᠦᠨ ᠥᠷᠭᠦᠭᠡ ᠭᠡᠷ ᠢᠨᠢᠶᠡᠳᠦ ᠪᠠᠶᠠᠰᠤᠯ ᠢᠢᠠᠷ ᠴᠠᠯᠭᠢᠵᠤ᠂ ᠦᠷ ᠡ ᠬᠡᠦᠬᠡᠳ ᠦᠳ ᠨᠢ ᠳᠥᠭᠦᠷᠡᠩ ᠵᠢᠷᠭᠠᠯ ᠲᠠᠢ᠂ ᠲᠥᠪᠰᠢᠨ ᠠᠮᠢᠳᠤᠷᠠᠯ ᠲᠠᠢ᠂ ᠥᠨᠢᠷ ᠪᠦᠯᠢ ᠪᠡᠷ ᠢᠢᠡᠨ ᠡᠩᠬᠡ ᠲᠤᠩᠬ ᠠ᠂ ᠦᠶ ᠡ ᠤᠳᠤᠮ ᠢᠢᠠᠷ ᠢᠢᠠᠨ ᠥᠨᠢᠷ ᠥᠳᠬᠡᠨ ᠪᠠᠢᠢᠬᠤ ᠢᠢᠨ ᠢᠷᠦᠭᠡᠯ ᠢ ᠥᠷᠭᠡᠨ ᠳᠡᠪᠰᠢᠭᠦᠯᠦᠯ ᠡ᠃

《ᠠᠯᠳᠠᠷᠲᠤ ᠡᠬᠡ ᠢᠢᠨ ᠣᠳᠤᠨᠲᠤ ᠡᠵᠢ》ᠬᠦᠨᠳᠦᠳᠬᠡᠯ ᠦᠨ ᠶᠣᠰᠤᠯᠠᠯ ᠳᠤ 21 ᠠᠢᠢᠮᠠᠭ᠂ ᠨᠡᠢᠢᠰᠯᠡᠯ ᠦᠨ ᠲᠥᠯᠦᠭᠡᠯᠡᠯ ᠪᠣᠯᠤᠭᠰᠠᠨ 1000 ᠡᠵᠢ ᠣᠷᠤᠯᠴᠠᠯ ᠠ᠃ ᠬᠦᠨᠳᠦᠳᠬᠡᠯ ᠦᠨ ᠶᠣᠰᠤᠯᠠᠯ ᠢ ᠠᠯᠳᠠᠷᠲᠤ ᠡᠬᠡ ᠢᠢᠨ ᠣᠳᠤᠨᠲᠤ ᠡᠵᠢ ᠨᠦᠭᠦᠳ ᠦᠨ ᠬᠣᠯᠪᠤᠭ᠎ᠠ᠂ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠮᠣᠩᠭ᠋ᠤᠯ ᠤᠨ ᠡᠮᠡᠭᠲᠡᠢᠢᠴᠦᠳ ᠦᠨ ᠬᠣᠯᠪᠤᠭ᠎ᠠ ᠬᠠᠮᠲᠤᠷᠠᠨ 19 ᠳᠡᠬᠢ ᠵᠢᠯ ᠳᠡᠭᠡᠨ ᠵᠣᠬᠢᠶᠠᠨ ᠪᠠᠢᠢᠭᠤᠯᠤᠯ ᠠ᠃