ᠮᠣᠩᠭ᠋ᠤᠯ ᠤᠯᠤᠰ ᠤᠨ ᠶᠡᠷᠦᠩᠬᠡᠢᠢᠯᠡᠭᠴᠢ ᠢᠢᠨ ᠪᠦᠭᠦᠳᠡ ᠨᠠᠢᠢᠷᠠᠮᠳᠠᠬᠤ ᠴᠧᠬᠣ᠋ ᠤᠯᠤᠰ ᠲᠤ ᠬᠢᠵᠦ ᠪᠤᠢ ᠲᠥᠷᠦ ᠢᠢᠨ ᠠᠢᠢᠯᠴᠢᠯᠠᠯ ᠦᠷᠭᠦᠯᠵᠢᠯᠡᠵᠦ ᠪᠠᠢᠢᠨ᠎ᠠ᠃
ᠠᠢᠢᠯᠴᠢᠯᠠᠯ ᠤᠨ ᠬᠦᠷᠢᠶᠡᠨ ᠳᠥ ᠫᠷᠠᠾᠠ ᠬᠣᠲᠠᠨ᠎ᠠ ᠴᠧᠬᠣ᠋- ᠮᠣᠩᠭ᠋ᠤᠯ ᠤᠨ ᠪᠢᠽᠢᠨᠧᠰ ᠹᠣᠷᠦ᠋ᠮ ᠳᠤ ᠬᠣᠶᠠᠷ ᠤᠯᠤᠰ ᠤᠨ ᠶᠡᠷᠦᠩᠬᠡᠢᠢᠯᠡᠭᠴᠢ ᠣᠷᠤᠯᠴᠠᠯ ᠠ᠃
ᠠᠵᠤ ᠠᠬᠤᠢ ᠢᠢᠨ ᠨᠢᠭᠡᠴᠡ ᠨᠦᠭᠦᠳ ᠤᠯᠠᠮᠵᠢᠯᠠᠯᠲᠤ ᠰᠠᠯᠪᠤᠷᠢ ᠨᠤᠭᠤᠳ ᠠᠴᠠ ᠭᠠᠳᠠᠨ᠎ᠠ ᠳᠡᠪᠰᠢᠯᠲᠡᠲᠦ ᠲᠧᠭᠨᠢᠭ᠂ ᠲᠧᠭᠨᠣᠯᠣᠭᠢ᠂ ᠢᠨ᠋᠊ᠨᠣᠸᠠᠼ᠂ ᠨᠣᠦ᠋-ᠬᠠᠦ᠋᠂ ᠲᠡᠭᠡᠭᠡᠪᠦᠷᠢ ᠯᠣᠭᠢᠰᠲᠢᠭ ᠵᠡᠷᠭᠡ ᠢᠯᠡᠭᠦᠦ ᠥᠷᠭᠡᠨ ᠬᠦᠷᠢᠶᠡᠨ ᠳᠥ ᠬᠠᠮᠲᠤᠷᠠᠬᠤ ᠪᠣᠯᠤᠮᠵᠢ ᠢᠢ ᠡᠷᠢᠯᠬᠢᠯᠡᠵᠦ᠂ ᠭᠡᠷ ᠡ᠂ ᠬᠡᠯᠡᠯᠴᠡᠭᠡᠷ ᠪᠠᠢᠢᠭᠤᠯᠤᠨ᠂ ᠬᠠᠷᠢᠯᠴᠠᠨ ᠠᠰᠢᠭ ᠲᠠᠢ ᠬᠠᠮᠲᠤᠷᠠᠨ ᠠᠵᠢᠯᠯᠠᠨ᠎ᠠ ᠭᠡᠳᠡᠭ ᠲᠥ ᠢᠲᠡᠭᠡᠯ ᠳᠡᠭᠦᠷᠦᠩ ᠪᠠᠢᠢᠭ᠎ᠠ ᠪᠠᠨ ᠲᠥᠷᠦ ᠢᠢᠨ ᠲᠡᠷᠢᠭᠦᠨ ᠨᠠᠷ ᠢᠯᠡᠷᠬᠡᠢᠢᠯᠡᠯ ᠡ᠃
ᠪᠢᠽᠢᠨᠧᠰ ᠹᠣᠷᠦ᠋ᠮ ᠳᠤ ᠬᠣᠶᠠᠷ ᠤᠯᠤᠰ ᠠᠴᠠ ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ᠂ ᠬᠤᠳᠠᠯᠳᠤᠭ᠎ᠠ ᠦᠢᠯᠡᠴᠢᠯᠡᠭ᠂ ᠠᠭᠤᠯᠠ ᠠᠭᠤᠷᠬᠠᠢ᠂ ᠠᠰᠢᠭᠲᠤ ᠮᠠᠯᠲᠠᠮᠠᠯ᠂ ᠪᠠᠷᠢᠯᠭ᠎ᠠ᠂ ᠡᠷᠴᠢᠮ ᠬᠦᠴᠦ᠂ ᠪᠣᠯᠪᠠᠰᠤᠷᠠᠯ᠂ ᠡᠷᠡᠭᠦᠯ ᠮᠡᠨᠳᠦ ᠵᠡᠷᠭᠡ 20 ᠣᠷᠴᠢᠮ ᠰᠠᠯᠪᠤᠷᠢ ᠢᠢᠨ 150 ᠭᠠᠷᠤᠢ ᠠᠵᠤ ᠠᠬᠤᠢ ᠢᠢᠨ ᠨᠢᠭᠡᠴᠡ ᠢᠢᠨ ᠨᠡᠢᠢᠲᠡ 200 ᠭᠠᠷᠤᠢ ᠲᠥᠯᠦᠭᠡᠯᠡᠯ ᠣᠷᠤᠯᠴᠠᠵᠤ ᠪᠠᠢᠢᠨ᠎ᠠ᠃
ᠪᠢᠽᠢᠨᠧᠰ ᠹᠣᠷᠦ᠋ᠮ ᠤᠨ ᠨᠡᠭᠡᠭᠡᠯᠲᠡ ᠢᠢᠨ ᠦᠶ ᠡ ᠪᠡᠷ 《ᠮᠣᠩᠭ᠋ᠤᠯ ᠤᠨ ᠦᠨᠳᠦᠰᠦᠨ ᠦ ᠬᠤᠳᠠᠯᠳᠤᠭ᠎ᠠ ᠠᠵᠤ ᠦᠢᠯᠡᠳᠪᠦᠷᠢ ᠢᠢᠨ ᠲᠠᠩᠬᠢᠮ᠂ ᠴᠧᠬᠣ᠋ ᠢᠢᠨ ᠬᠤᠳᠠᠯᠳᠤᠭ᠎ᠠ ᠠᠵᠤ ᠦᠢᠯᠡᠳᠪᠦᠷᠢ ᠢᠢᠨ ᠲᠠᠩᠬᠢᠮ ᠤᠨ ᠬᠣᠭᠤᠷᠤᠨᠳᠤ ᠢᠢᠨ ᠦᠢᠯᠡ ᠠᠵᠢᠯᠯᠠᠭᠠᠨ ᠤ ᠲᠥᠯᠦᠪᠯᠡᠭᠡ》 ᠳᠥ ᠬᠣᠶᠠᠷ ᠤᠯᠤᠰ ᠤᠨ ᠲᠠᠩᠬᠢᠮ ᠤᠨ ᠶᠡᠷᠦᠩᠬᠡᠢᠢᠯᠡᠭᠴᠢ ᠯ᠂ ᠲᠥᠷᠦ-ᠣᠳᠤ᠂ ᠵᠳᠧᠨᠧᠻ ᠽᠠᠶᠢᠴᠧᠻ ᠨᠠᠷ ᠭᠠᠷ ᠤᠨ ᠦᠰᠦᠭ ᠵᠢᠷᠤᠯ ᠠ᠃

2024 ᠣᠨ ᠤ ᠪᠠᠢᠢᠳᠠᠯ ᠢᠢᠠᠷ ᠬᠣᠶᠠᠷ ᠣᠷᠤᠨ ᠤ ᠬᠤᠳᠠᠯᠳᠤᠭᠠᠨ ᠤ ᠡᠷᠭᠢᠯᠲᠡ 18 ᠰᠠᠢ ᠠ ᠠᠮᠠ᠊᠂ ᠳ᠋ᠣᠯᠯᠠᠷ ᠪᠠᠢᠢᠨ᠎ᠠ᠃ ᠮᠠᠨ ᠤ ᠡᠻᠰᠫᠣᠷᠲ᠋ 300 ᠭᠠᠷᠤᠢ ᠮᠢᠩᠭ᠋ᠠᠨ ᠠᠮᠠ᠊᠂ ᠳ᠋ᠣᠯᠯᠠᠷ᠂ ᠢᠮᠫᠣᠷᠲ᠋ 17 ᠰᠠᠢ ᠠ ᠣᠷᠴᠢᠮ ᠪᠠᠢᠢᠨ᠎ᠠ᠃
ᠮᠠᠨ ᠤ ᠲᠠᠯ ᠠ ᠠᠴᠠ ᠨᠣᠯᠤᠤᠷ ᠤᠨ ᠡᠳ᠋ᠯᠡᠯ᠂ ᠬᠤᠪᠴᠠᠰᠤ᠂ ᠰᠦᠯᠵᠢᠮᠡᠯ ᠴᠠᠮᠴᠠ᠂ ᠭᠡᠷ ᠦᠨ ᠤᠭᠰᠠᠷᠮᠠᠯ ᠬᠢᠴᠡ ᠨᠡᠢᠢᠯᠡᠭᠦᠯᠵᠦ᠂ ᠲᠡᠰᠦᠯᠦᠭᠡᠨ ᠦ ᠤᠲᠠᠰᠤ᠂ ᠪᠢᠯᠲᠠ᠂ ᠡᠳᠥᠭᠡᠭ᠍ᠴᠢ ᠪᠣᠳᠠᠰ᠂ ᠴᠠᠬᠢᠯᠭᠠᠨ ᠬᠠᠯᠠᠭᠠᠬᠤ ᠵᠤᠤᠬ ᠠ᠂ ᠡᠮ᠂ ᠡᠮ ᠦᠨ ᠪᠦᠲᠦᠭᠡᠭ᠍ᠳᠡᠬᠦᠨ ᠣᠷᠤᠭᠤᠯᠵᠤ ᠢᠷᠡᠳᠡᠭ᠃
1990-2017 ᠣᠨ ᠳᠤ ᠴᠧᠬᠣ᠋ ᠢᠢᠨ ᠳᠠᠩᠨᠠᠭᠰᠠᠨ ᠪᠣᠯᠤᠨ ᠬᠠᠮᠲᠤᠷᠠᠭᠰᠠᠨ ᠬᠥᠷᠦᠩᠭᠡ ᠣᠷᠤᠭᠤᠯᠤᠯᠲᠠ ᠲᠠᠢ 80 ᠠᠵᠤ ᠠᠬᠤᠢ ᠢᠢᠨ ᠨᠢᠭᠡᠴᠡ 9.2 ᠰᠠᠢ ᠠ ᠠᠮᠠ᠊᠂ ᠳ᠋ᠣᠯᠯᠠᠷ ᠤᠨ ᠰᠢᠭᠤᠳ ᠬᠥᠷᠦᠩᠭᠡ ᠣᠷᠤᠭᠤᠯᠤᠯᠲᠠ ᠬᠢᠭ᠍ᠰᠡᠨ ᠪᠠᠢᠢᠨ᠎ᠠ᠃
ᠥᠨᠦᠳᠦᠷ ᠦᠨ ᠪᠠᠢᠢᠳᠠᠯ ᠢᠢᠠᠷ 60 ᠭᠠᠷᠤᠢ ᠨᠢ ᠬᠤᠳᠠᠯᠳᠤᠭ᠎ᠠ᠂ ᠭᠧᠣᠯᠣᠭᠢ᠂ ᠠᠭᠤᠯᠠ ᠠᠭᠤᠷᠬᠠᠢ ᠢᠢᠨ ᠡᠷᠢᠯ ᠬᠠᠢᠢᠭᠤᠯ᠂ ᠣᠯᠪᠤᠷᠢᠯᠠᠯᠲᠠ᠂ ᠬᠦᠨᠡᠰᠦᠨ ᠦ ᠦᠢᠯᠡᠳᠪᠦᠷᠢᠯᠡᠯ᠂ ᠢᠨ᠋ᠵᠧᠨᠧᠷ ᠦᠨ ᠪᠠᠷᠢᠯᠭ᠎ᠠ᠂ ᠪᠠᠢᠢᠭᠤᠯᠤᠮᠵᠢ᠂ ᠪᠠᠷᠢᠯᠭ᠎ᠠ ᠢᠢᠨ ᠮᠠᠲ᠋ᠧᠷᠢᠶᠠᠯ ᠤᠨ ᠦᠢᠯᠡᠳᠪᠦᠷᠢᠯᠡᠯ ᠦᠨ ᠰᠠᠯᠪᠤᠷᠢ ᠳᠤ ᠦᠢᠯᠡ ᠠᠵᠢᠯᠯᠠᠭ᠎ᠠ ᠶᠠᠪᠤᠭᠤᠯᠳᠠᠭ ᠭᠡᠰᠡᠨ ᠰᠤᠳᠤᠯᠭ᠎ᠠ ᠭᠠᠷᠴᠠᠢ᠃
ᠴᠧᠬᠣ᠋ ᠤᠯᠤᠰ 1996-2017 ᠣᠨ ᠳᠤ 50 ᠭᠠᠷᠤᠢ ᠰᠠᠢ ᠠ ᠠᠮᠠ᠊᠂ ᠳ᠋ᠣᠯᠯᠠᠷ ᠤᠨ ᠰᠠᠩᠬᠦᠵᠢᠯᠲᠡ ᠪᠦᠬᠦᠢ ᠲᠥᠰᠦᠯ ᠦᠳ ᠬᠡᠷᠡᠭᠵᠢᠭᠦᠯᠦᠭᠰᠡᠨ ᠪᠠᠢᠢᠨ᠎ᠠ᠃