Та "Internet explorer"-ийн сүүлийн хувилбар болох "Microsoft edge"-г ашиглана уу

Хэрэв "Microsoft edge"-г татах бол энд дарж татаж авна уу

ᠴᠸᠬᠣ ᠢᠢᠨ ᠦᠨᠳᠦᠰᠦᠨ ᠦ ᠮᠦᠽᠧᠢ ᠳᠥ 《ᠴᠢᠩᠭᠢᠰ ᠬᠠᠭᠠᠨ》 ᠣᠯᠠᠨ ᠤᠯᠤᠰ ᠤᠨ ᠦᠵᠡᠰᠬᠦᠯᠡᠩ ᠨᠡᠭᠡᠭᠡᠯᠲᠡ ᠪᠡᠨ ᠬᠢᠯ᠎ᠠ

ᠮᠣᠩᠭ᠋ᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠪᠦᠭᠦᠳᠡ ᠨᠠᠢᠢᠷᠠᠮᠳᠠᠬᠤ ᠴᠧᠬᠣ᠋ ᠤᠯᠤᠰ ᠲᠤ ᠬᠢᠵᠦ ᠪᠠᠢᠢᠭ᠎ᠠ ᠲᠥᠷᠦ ᠢᠢᠨ ᠠᠢᠢᠯᠴᠢᠯᠠᠯ ᠦᠷᠭᠦᠯᠵᠢᠯᠡᠵᠦ ᠪᠠᠢᠢᠨ᠎ᠠ᠃

ᠮᠣᠩᠭ᠋ᠤᠯ ᠤᠯᠤᠰ ᠤᠨ ᠶᠡᠷᠦᠩᠬᠡᠢᠢᠯᠡᠭᠴᠢ ᠤ᠂ ᠬᠦᠷᠡᠯᠰᠦ᠋ᠬᠡ᠂ ᠪᠦᠭᠦᠳᠡ ᠨᠠᠢᠢᠷᠠᠮᠳᠠᠬᠤ ᠴᠧᠬᠣ᠋ ᠤᠯᠤᠰ ᠤᠨ ᠶᠡᠷᠦᠩᠬᠡᠢᠢᠯᠡᠭᠴᠢ ᠫᠧᠲ᠋ᠷ ᠫᠠᠸᠧᠯ ᠨᠠᠷ ᠤᠨ ᠢᠪᠡᠭᠡᠯ ᠳᠣᠣᠷ ᠠ ᠴᠧᠬᠣ᠋ ᠢᠢᠨ ᠦᠨᠳᠦᠰᠦᠨ ᠦ ᠮᠦᠽᠧᠢ ᠳᠤ 《ᠴᠢᠩᠭᠢᠰ ᠬᠠᠭᠠᠨ》 ᠣᠯᠠᠨ ᠤᠯᠤᠰ ᠤᠨ ᠦᠵᠡᠰᠬᠦᠯᠡᠩ ᠢ ᠨᠡᠢᠢᠲᠡ ᠳᠥ ᠲᠣᠯᠢᠯᠠᠭᠤᠯᠵᠤ ᠡᠬᠢᠯᠡᠯ ᠡ᠃

ᠦᠵᠡᠰᠬᠦᠯᠡᠩ ᠦᠨ ᠨᠡᠭᠡᠭᠡᠯᠲᠡ ᠳᠥ ᠬᠣᠶᠠᠷ ᠤᠯᠤᠰ ᠤᠨ ᠲᠥᠷᠦ ᠢᠢᠨ ᠲᠡᠷᠢᠭᠦᠨ ᠣᠷᠤᠯᠴᠠᠯ ᠠ᠃

《ᠴᠢᠩᠭᠢᠰ ᠬᠠᠭᠠᠨ》ᠦᠵᠡᠰᠬᠦᠯᠡᠩ ᠢ 2025 ᠣᠨ ᠤ 03 ᠳᠤᠭᠠᠷ ᠰᠠᠷ ᠠ ᠢᠢᠨ 10 ᠠᠴᠠ 06 ᠳᠤᠭᠠᠷ ᠰᠠᠷ ᠠ ᠢᠢᠨ 22 ᠢ ᠬᠦᠷᠲᠡᠯ ᠡ ᠲᠣᠯᠢᠯᠠᠭᠤᠯᠬᠤ ᠪᠥᠭᠡᠳ 《ᠴᠢᠩᠭᠢᠰ ᠬᠠᠭᠠᠨ》 ᠦᠨᠳᠦᠰᠦᠨ ᠦ ᠮᠦᠽᠧᠢ᠂ ᠰᠢᠨᠵᠢᠯᠡᠬᠦ ᠤᠬᠠᠭᠠᠨ ᠤ ᠠᠻᠠᠳᠧᠮᠢ ᠢᠢᠨ ᠠᠷᠬᠧᠣᠯᠣᠭᠢ ᠢᠢᠨ ᠬᠦᠷᠢᠶᠡᠯᠡᠩ ᠦᠨ 698 ᠰᠢᠷᠬᠡᠭ᠌ ᠦᠵᠡᠮᠦᠷᠢ᠂ ᠡᠳ᠋ ᠥᠯᠦᠭᠡᠢ ᠢᠢᠨ ᠵᠦᠢᠯ ᠢ ᠳᠡᠯᠭᠡᠵᠡᠢ᠃

2023 ᠣᠨ ᠳᠤ ᠹᠷᠠᠨ᠋ᠴᠠ ᠢᠢᠨ ᠨᠠᠨ᠋ᠲ᠋ ᠬᠣᠲᠠᠨ᠎ᠠ᠂ 2024 ᠣᠨ ᠳᠤ ᠤᠯᠠᠭᠠᠨᠪᠠᠭᠠᠲᠤᠷ ᠬᠣᠲᠠᠨ᠎ᠠ 《ᠴᠢᠩᠭᠢᠰ ᠬᠠᠭᠠᠨ- ᠮᠣᠩᠭ᠋ᠤᠯᠴᠤᠳ ᠳᠡᠯᠡᠬᠡᠢ ᠢᠢ ᠥᠭᠡᠷᠡᠴᠢᠯᠡᠭᠰᠡᠨ ᠨᠢ》ᠨᠡᠷ ᠡ ᠲᠡᠢ ᠪᠡᠷ ᠭᠠᠷᠤᠭᠰᠠᠨ ᠦᠵᠡᠰᠬᠦᠯᠡᠩ ᠢ ᠬᠣᠪᠤᠷ ᠰᠣᠨᠢᠨ ᠦᠵᠡᠮᠦᠷᠢ ᠪᠡᠷ ᠪᠠᠶᠠᠵᠢᠭᠤᠯᠤᠨ 《ᠴᠢᠩᠭᠢᠰ ᠬᠠᠭᠠᠨ》ᠨᠡᠷ ᠡ ᠲᠡᠢ ᠪᠡᠷ ᠳᠡᠯᠭᠡᠵᠡᠢ᠃

ᠦᠵᠡᠰᠬᠦᠯᠡᠩ ᠨᠢ ᠴᠢᠩᠭᠢᠰ ᠬᠠᠭᠠᠨ ᠪᠣᠯᠤᠨ ᠮᠣᠩᠭ᠋ᠤᠯ ᠤᠨ ᠡᠵᠡᠨᠲᠦ ᠭᠦᠷᠦᠨ ᠦ ᠬᠦᠮᠦᠨ ᠲᠥᠷᠦᠯᠬᠢᠲᠡᠨ ᠦ ᠲᠡᠦᠬᠡᠨ ᠳᠥ ᠦᠵᠡᠭᠦᠯᠦᠭᠰᠡᠨ ᠨᠥᠯᠦᠭᠡ᠂ ᠲᠡᠭᠦᠨ ᠦ ᠡᠵᠡᠯᠡᠬᠦ ᠪᠠᠢᠢᠷᠢ ᠰᠠᠭᠤᠷᠢ᠂ ᠷᠡᠦᠬᠡᠨ ᠦᠨᠡᠨ ᠢ ᠲᠠᠨᠢᠨ ᠮᠡᠳᠡᠭᠦᠯᠬᠦ᠂ ᠨᠡᠭᠦᠳᠡᠯ ᠦᠨ ᠰᠣᠶᠤᠯ ᠢᠷᠭᠡᠨᠰᠢᠯᠲᠦ ᠮᠣᠩᠭ᠋ᠤᠯᠴᠤᠳ ᠤᠨ ᠥᠪ ᠰᠣᠶᠤᠯ ᠤᠨ ᠣᠨᠴᠠᠯᠢᠭ ᠢ ᠰᠤᠷᠲᠠᠯᠴᠢᠯᠠᠬᠤ ᠵᠣᠷᠢᠯᠭ᠎ᠠ ᠲᠠᠢ ᠶᠤᠮ᠃

《ᠴᠢᠩᠭᠢᠰ ᠬᠠᠭᠠᠨ》ᠦᠵᠡᠰᠬᠦᠯᠡᠩ ᠨᠢ ᠫᠷᠠᠾᠠ ᠬᠣᠲᠠᠨ᠎ᠠ ᠠᠯᠪᠠᠨ ᠶᠣᠰᠤ ᠪᠠᠷ ᠠᠩᠬ ᠠ ᠤᠳᠠᠭ᠎ᠠ ᠭᠠᠷᠴᠤ ᠪᠠᠢᠢᠭ᠎ᠠ ᠪᠡᠶ ᠡ ᠳᠠᠭᠠᠭᠠᠭᠰᠠᠨ ᠰᠣᠶᠤᠯ ᠤᠨ ᠥᠪ ᠦᠨ ᠦᠵᠡᠰᠬᠦᠯᠡᠩ ᠪᠥᠭᠡᠳ ᠬᠣᠶᠠᠷ ᠤᠯᠤᠰ ᠤᠨ ᠰᠣᠶᠤᠯ᠂ ᠰᠢᠨᠵᠢᠯᠡᠬᠦ ᠤᠬᠠᠭᠠᠨ ᠤ ᠬᠠᠮᠲᠤ ᠢᠢᠨ ᠠᠵᠢᠯᠯᠠᠭᠠᠨ ᠤ ᠨᠢᠭᠡᠨ ᠰᠢᠨ᠎ᠡ ᠦᠶ ᠡ ᠡᠬᠢᠯᠡᠯ ᠡ᠃

ᠨᠡᠭᠡᠭᠡᠯᠲᠡ ᠢᠢᠨ ᠦᠶ ᠡ ᠪᠡᠷ ᠮᠥᠨ 2027 ᠣᠨ ᠳᠤ ᠫᠷᠠᠾᠠ ᠬᠣᠲᠠᠨ᠎ᠠ 65 ᠦᠵᠡᠮᠦᠷᠢ ᠡᠴᠡ ᠪᠦᠷᠢᠳᠦᠭᠰᠡᠨ ᠦᠯᠦᠭ ᠭᠦᠷᠪᠡᠯ ᠦᠨ ᠦᠵᠡᠰᠬᠦᠯᠡᠩ ᠢ ᠬᠠᠮᠲᠤᠷᠠᠨ ᠵᠣᠬᠢᠶᠠᠨ ᠪᠠᠢᠢᠭᠤᠯᠬᠤ ᠲᠠᠢ ᠬᠣᠯᠪᠤᠭ᠎ᠠ ᠲᠠᠢ ᠭᠡᠷ ᠡ ᠳᠥ ᠰᠢᠨᠵᠢᠯᠡᠬᠦ ᠤᠬᠠᠭᠠᠨ ᠤ ᠠᠻᠠᠳᠧᠮᠢ ᠢᠢᠨ ᠶᠡᠷᠦᠩᠬᠡᠢᠢᠯᠡᠭᠴᠢ ᠰᠣ᠊᠂ ᠳᠡᠮᠪᠡᠷᠢᠯ᠂ ᠴᠧᠬᠣ᠋ ᠢᠢᠨ ᠦᠨᠳᠦᠰᠦᠨ ᠦ ᠮᠦᠽᠧᠢ ᠢᠢᠨ ᠶᠡᠷᠦᠩᠬᠡᠢ ᠵᠠᠬᠢᠷᠤᠯ ᠮᠢᠾᠠᠯ ᠯᠦᠻᠧᠱ ᠨᠠᠷ ᠭᠠᠷ ᠤᠨ ᠦᠰᠦᠭ ᠵᠢᠷᠤᠯ ᠠ᠃