ᠮᠣᠩ᠋ᠭᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭ ᠲᠥ ᠬᠦᠴᠦᠨ ᠦ ᠶᠡᠷᠦᠩᠬᠡᠶ ᠻᠣᠮᠠᠨ᠋ᠳ᠋᠋ᠯᠠᠭᠴᠢ ᠤᠬᠤᠨ᠎ᠠ ᠢᠢᠨ ᠬᠦᠷᠡᠯᠰᠦ᠋ᠬᠡ ᠪᠠᠲᠤᠯᠠᠨ ᠬᠠᠮᠠᠭᠠᠯᠠᠬᠤ ᠢᠢᠨ ᠤᠳᠤᠷᠢᠳᠬᠤ ᠪᠦᠷᠢᠯᠳᠦᠬᠦᠨ ᠦ ᠰᠲ᠋ᠷᠠᠲ᠋ᠧᠭᠢ ᠢᠢᠨ ᠴᠤᠭᠯᠠᠷᠠᠯᠲᠠ ᠳᠤ ᠣᠷᠤᠯᠴᠠᠯ᠎ᠠ᠃
ᠡᠨᠡ ᠤᠳᠠᠭ᠎ᠠ ᠢᠢᠨ ᠴᠤᠭᠯᠠᠷᠠᠯᠲᠠ ᠢᠢ «ᠦᠨᠳᠦᠰᠦᠨ ᠦ ᠰᠥᠷᠦᠨ ᠲᠡᠰᠪᠦᠷᠢᠯᠡᠬᠦ ᠴᠢᠳᠠᠪᠬᠢ ᠪᠠ ᠵᠡᠪᠰᠡᠭ ᠲᠥ ᠬᠦᠴᠦᠨ ᠦ ᠪᠡᠯᠡᠨ ᠪᠠᠢᠢᠳᠠᠯ» ᠰᠡᠳᠦᠪ ᠢᠶᠡᠷ ᠵᠣᠬᠢᠶᠠᠨ ᠪᠠᠢᠢᠭᠤᠯᠵᠤ ᠪᠠᠢᠢᠨ᠎ᠠ᠃
ᠶᠡᠷᠦᠩᠬᠡᠢᠢᠯᠡᠭᠴᠢ᠂ ᠵᠡᠪᠰᠡᠭ ᠲᠥ ᠬᠦᠴᠦᠨ ᠦ ᠶᠡᠷᠦᠩᠬᠡᠶ ᠻᠣᠮᠠᠨ᠋ᠳ᠋᠋ᠯᠠᠭᠴᠢ ᠤ·ᠬᠦᠷᠡᠯᠰᠦ᠋ᠬᠡ ᠴᠤᠭᠯᠠᠷᠠᠯᠲᠠ ᠳᠤ ᠣᠷᠤᠯᠴᠠᠭᠰᠠᠳ ᠲᠤ ᠬᠠᠨᠳᠤᠵᠤ ᠦᠭᠡ ᠬᠡᠯᠡᠬᠦ ᠳᠥ ᠪᠡᠨ᠂ «ᠦᠨᠳᠦᠰᠦᠨ ᠦ ᠰᠥᠷᠦᠨ ᠲᠡᠰᠪᠦᠷᠢᠯᠡᠬᠦ ᠰᠲ᠋ᠷᠠᠲ᠋ᠧᠭᠢ» ᠢᠢᠨ ᠪᠠᠲᠤᠯᠠᠨ ᠬᠠᠮᠠᠭᠠᠯᠠᠬᠤ ᠪᠣᠯᠤᠨ ᠭᠠᠮᠰᠢᠭ ᠲᠠᠢ ᠲᠡᠮᠡᠴᠡᠬᠦ ᠲᠣᠭᠲᠠᠯᠴᠠᠭᠠᠨ ᠳᠤ ᠲᠤᠯᠭᠠᠭᠤᠷᠢᠯᠠᠨ ᠪᠣᠯᠪᠠᠰᠤᠷᠠᠭᠤᠯᠵᠤ ᠳᠠᠭᠤᠰᠬᠠᠬᠤ ᠢᠢ ᠡᠭᠦᠷᠭᠡ ᠪᠣᠯᠭᠤᠯᠠ᠃
ᠡᠨᠡ ᠰᠲ᠋ᠷᠠᠲ᠋ᠧᠭᠢ ᠨᠢ ᠪᠣᠯᠵᠤᠰᠢ ᠦᠭᠡᠢ ᠠᠶᠤᠯ᠂ ᠵᠠᠨᠤᠯᠬᠢᠯᠡᠯ᠂ ᠭᠠᠮᠰᠢᠭ ᠠᠴᠠ ᠤᠷᠢᠳᠴᠢᠯᠠᠨ ᠰᠡᠷᠭᠡᠢᠢᠯᠡᠬᠦ᠂ ᠲᠡᠭᠦᠨ ᠢ ᠬᠣᠬᠢᠷᠠᠯ ᠪᠠᠭ᠎ᠠ ᠲᠠᠢ ᠳᠠᠪᠠᠨ ᠲᠤᠭᠤᠯᠵᠤ᠂ ᠰᠡᠷᠭᠦᠭᠡᠨ ᠪᠣᠰᠬᠠᠬᠤ ᠴᠢᠳᠠᠪᠬᠢ᠂ ᠪᠡᠯᠡᠨ ᠪᠠᠢᠢᠳᠠᠯ ᠢ ᠬᠠᠩ᠋ᠭᠠᠬᠤ ᠵᠣᠷᠢᠯᠭ᠎ᠠ ᠲᠠᠢ ᠶᠤᠮ᠃
ᠶᠡᠷᠦᠩᠬᠡᠢᠢᠯᠡᠭᠴᠢ ᠮᠥᠨ 2025 ᠣᠨ ᠢ «ᠠᠬᠠᠯᠠᠬᠤ ᠣᠹᠢᠼᠧᠷ» ᠤᠨ ᠵᠢᠯ ᠪᠣᠯᠭᠠᠨ ᠵᠠᠷᠯᠠᠵᠤ᠂ ᠣᠹᠢᠼᠧᠷ ᠪᠡᠯᠡᠳᠬᠡᠬᠦ ᠲᠣᠭᠲᠠᠯᠴᠠᠭ᠎ᠠ ᠢᠢ ᠪᠣᠯᠪᠠᠰᠤᠷᠠᠩ᠋ᠭᠤᠢ ᠪᠣᠯᠭᠤᠬᠤ᠂ ᠴᠣᠯᠠ᠂ ᠠᠯᠪᠠᠨ ᠲᠤᠰᠢᠶᠠᠯ ᠤᠨ ᠨᠡᠷ᠎ᠡ ᠬᠦᠨᠳᠦ ᠢᠢ ᠳᠡᠭᠡᠭ᠍ᠰᠢᠯᠠᠭᠦᠯᠬᠦ᠂ ᠥᠨᠳᠦᠷ ᠪᠣᠯᠪᠠᠰᠤᠷᠠᠯ᠂ ᠲᠤᠷᠰᠢᠯᠭ᠎ᠠ ᠲᠠᠢ ᠠᠬᠠᠯᠠᠬᠤ ᠣᠹᠢᠼᠧᠷ ᠤᠳ ᠢ ᠠᠶᠤᠯ ᠦᠭᠡᠢ ᠪᠠᠢᠢᠳᠠᠯ᠂ ᠪᠠᠲᠤᠯᠠᠨ ᠬᠠᠮᠠᠭᠠᠯᠠᠬᠤ ᠪᠣᠯᠤᠨ ᠨᠡᠢᠢᠭᠡᠮ ᠦᠨ ᠪᠤᠰᠤᠳ ᠰᠠᠯᠪᠤᠷᠢ ᠳᠤ ᠠᠵᠢᠯᠯᠠᠭᠤᠯᠬᠤ ᠳᠤ ᠠᠩᠬᠠᠷᠬᠤ ᠢᠢ ᠳᠠᠭᠠᠭᠠᠯᠭᠠᠯ᠎ᠠ᠃

ᠮᠣᠩ᠋ᠭᠤᠯ ᠤᠯᠤᠰ ᠤᠨ ᠶᠡᠷᠦᠩᠬᠡᠢᠢᠯᠡᠭᠴᠢ᠂ ᠵᠡᠪᠰᠡᠭ ᠲᠥ ᠬᠦᠴᠦᠨ ᠦ ᠶᠡᠷᠦᠩᠬᠡᠶ ᠻᠣᠮᠠᠨ᠋ᠳ᠋᠋ᠯᠠᠭᠴᠢ ᠤ·ᠬᠦᠷᠡᠯᠰᠦ᠋ᠬᠡ ᠮᠥᠨ ᠵᠡᠪᠰᠡᠭ ᠲᠥ ᠬᠦᠴᠦᠨ ᠦ ᠪᠠᠷᠢᠯᠭ᠎ᠠ-ᠢᠨ᠋ᠵᠧᠨ᠋᠋ᠧᠷ ᠦᠨ ᠴᠡᠷᠢᠭ ᠦᠨ ᠤᠳᠤᠷᠢᠳᠬᠤ ᠭᠠᠵᠠᠷ ᠪᠣᠯᠤᠨ ᠵᠡᠪᠰᠡᠭ ᠲᠥ ᠬᠦᠴᠦᠨ ᠦ 065 ᠳ᠋ᠤᠭᠠᠷ ᠠᠩ᠋ᠭᠢ ᠳᠤ ᠠᠵᠢᠯᠯᠠᠯ᠎ᠠ᠃
1936 ᠣᠨ ᠳᠤ ᠴᠡᠷᠢᠭ ᠦᠨ ᠶᠠᠪᠤᠳᠠᠯ ᠤᠨ ᠶᠠᠮᠤᠨ ᠤ ᠳᠡᠷᠭᠡᠳᠡ ᠢᠨ᠋ᠵᠧᠨ᠋᠋ᠧᠷ᠂ ᠪᠠᠷᠢᠯᠭ᠎ᠠ ᠢᠢᠨ ᠬᠡᠯᠲᠡᠰ ᠢ ᠪᠠᠷᠢᠯᠭ᠎ᠠ ᠢᠢᠨ ᠰᠤᠮᠤᠨ ᠤ ᠬᠠᠮᠲᠤ ᠪᠠᠢᠢᠭᠤᠯᠤᠭᠰᠠᠨ ᠢᠶᠠᠷ ᠪᠠᠷᠢᠯᠭ᠎ᠠ ᠢᠢᠨ ᠴᠡᠷᠢᠭ ᠦᠨ ᠰᠠᠭᠤᠷᠢ ᠲᠠᠯᠪᠢᠭᠳᠠᠭᠰᠠᠨ ᠲᠡᠦᠬᠡ ᠲᠡᠢ᠃
ᠤᠯᠤᠰ ᠤᠨ ᠣᠨᠴᠠ ᠴᠢᠬᠤᠯᠠ ᠣᠪᠶᠧᠻᠲ᠂ ᠵᠡᠪᠰᠡᠭ ᠲᠥ ᠬᠦᠴᠦᠨ ᠦ ᠠᠩ᠋ᠭᠢ᠂ ᠪᠠᠢᠢᠭᠤᠯᠤᠯᠭ᠎ᠠ᠂ ᠰᠠᠯᠪᠤᠷᠢ ᠢᠢᠨ ᠪᠠᠷᠢᠯᠭ᠎ᠠ᠂ ᠢᠨ᠋ᠵᠧᠨ᠋᠋ᠧᠷ ᠦᠨ ᠪᠠᠢᠢᠭᠤᠯᠤᠮᠵᠢ ᠪᠠᠷᠢᠬᠤ᠂ ᠰᠡᠷᠭᠦᠭᠡᠨ ᠵᠠᠰᠠᠪᠤᠷᠢᠯᠠᠬᠤ᠂ ᠤᠯᠤᠰ ᠣᠷᠤᠨ ᠤ ᠪᠦᠲᠦᠭᠡᠨ ᠪᠠᠢᠢᠭᠤᠯᠤᠯᠲᠠ᠂ ᠳᠠᠢᠢᠨ ᠪᠠᠢᠢᠯᠳᠤᠭᠠᠨ ᠤ ᠪᠣᠯᠤᠨ ᠭᠠᠮᠰᠢᠭ ᠤᠨ ᠳᠠᠷᠠᠭᠠᠬᠢ ᠰᠡᠷᠭᠦᠭᠡᠨ ᠪᠣᠰᠬᠠᠯᠲᠠ ᠳᠤ ᠣᠷᠤᠯᠴᠠᠬᠤ᠂ ᠬᠦᠮᠦᠨᠯᠢᠭ ᠦᠨ ᠲᠤᠰᠠᠯᠠᠮᠵᠢ᠂ ᠡᠩᠬᠡ ᠢᠢ ᠳᠡᠮᠵᠢᠬᠦ ᠠᠵᠢᠯᠯᠠᠭᠠᠨ ᠳᠤ ᠳᠡᠮᠵᠢᠯᠭᠡ ᠦᠵᠡᠭᠦᠯᠬᠦ᠂ ᠡᠷᠳᠡᠮ ᠰᠢᠨᠵᠢᠯᠡᠭᠡ᠂ ᠢᠨ᠋᠊ᠨᠣᠸᠠᠼ᠂ ᠲᠤᠷᠰᠢᠯᠲᠠ ᠰᠤᠳᠤᠯᠭ᠎ᠠ ᠬᠢᠬᠦ᠂ ᠪᠠᠢᠢᠭᠠᠯᠢ ᠣᠷᠴᠢᠨ ᠢ ᠬᠠᠮᠠᠭᠠᠯᠠᠬᠤ᠂ ᠨᠥᠬᠦᠨ ᠰᠡᠷᠭᠦᠭᠡᠬᠦ ᠵᠡᠷᠭᠡ ᠦᠨᠳᠦᠰᠦᠨ ᠴᠢᠭ᠌ ᠡᠭᠦᠷᠭᠡ ᠭᠦᠢᠴᠡᠳᠬᠡᠵᠦ ᠪᠠᠢᠢᠨ᠎ᠠ᠃
ᠴᠢᠨᠠᠭᠰᠢᠳᠠ ᠲᠡᠮᠦᠷ ᠵᠠᠮ᠂ ᠠᠦ᠋ᠲ᠋ᠣ᠋ ᠵᠠᠮ᠂ ᠬᠡᠢ ᠢᠢᠨ ᠬᠣᠭᠤᠯᠠᠶ᠂ ᠠᠵᠤ ᠦᠢᠯᠡᠳᠪᠦᠷᠢ ᠢᠢᠨ ᠫᠠᠷᠻ᠂ ᠤᠰᠤᠨ ᠴᠠᠬᠢᠯᠭᠠᠨ ᠰᠲ᠋ᠠᠨ᠋ᠼᠢ᠂ ᠬᠣᠲᠠ ᠢᠢᠨ ᠤᠰᠤᠨ ᠬᠠᠩ᠋ᠭᠠᠮᠵᠢ᠂ ᠣᠷᠤᠨ ᠰᠠᠭᠤᠴᠠ᠂ ᠡᠻᠣ ᠨᠣᠭᠤᠭᠠᠨ ᠬᠣᠲᠠᠬᠠᠨ᠂ ᠣᠢ ᠢᠢᠨ ᠴᠡᠪᠡᠷᠯᠡᠭᠡ᠂ ᠣᠢᠢᠵᠢᠭᠤᠯᠤᠯᠲᠠ᠂ ᠨᠥᠬᠦᠨ ᠰᠡᠷᠭᠦᠭᠡᠯᠲᠡ ᠵᠡᠷᠭᠡ ᠲᠥᠰᠦᠯ᠂ ᠬᠥᠲᠦᠯᠪᠦᠷᠢ ᠳᠥ ᠣᠷᠤᠯᠴᠠᠬᠤ ᠪᠣᠯᠤᠮᠵᠢ ᠲᠠᠢ ᠢᠢ ᠤᠳᠤᠷᠢᠳᠬᠤ ᠭᠠᠵᠠᠷ ᠤᠨ ᠳᠠᠷᠤᠭ᠎ᠠ᠂ ᠬᠤᠷᠠᠩᠳᠠ ᠬ·ᠪᠠᠲᠤᠰᠠᠢᠢᠬᠠᠨ ᠲᠠᠨᠢᠯᠴᠠᠭᠤᠯᠤᠯ᠎ᠠ᠃

ᠵᠡᠪᠰᠡᠭ ᠲᠥ ᠬᠦᠴᠦᠨ ᠦ 065 ᠳ᠋ᠤᠭᠠᠷ ᠠᠩ᠋ᠭᠢ 1964 ᠣᠨ ᠳᠤ «ᠠᠷᠠᠳ ᠤᠨ ᠠᠷᠮᠢ ᠢᠢᠨ ᠷᠠᠳᠢᠣᠲ᠋ᠧᠭᠨᠢᠭ ᠦᠨ ᠲᠤᠰᠬᠠᠶ ᠪᠠᠲ᠋ᠠᠯᠢᠣᠨ» ᠨᠡᠷ᠎ᠡ ᠲᠡᠢ ᠪᠡᠷ ᠪᠠᠢᠢᠭᠤᠯᠤᠭᠳᠠᠭᠰᠠᠨ᠃
ᠲᠤᠰ ᠠᠩ᠋ᠭᠢ ᠵᠡᠪᠰᠡᠭ ᠲᠥ ᠬᠦᠴᠦᠨ ᠦ ᠵᠠᠩᠵᠤᠨ ᠱᠲ᠋ᠠᠪ᠂ ᠠᠭᠠᠷ ᠤᠨ ᠴᠡᠷᠢᠭ ᠦᠨ ᠻᠣᠮᠠᠨ᠋ᠳ᠋᠋ᠯᠠᠯ᠂ ᠲᠥᠪ ᠻᠣᠮᠠᠨ᠋ᠳ᠋ ᠤᠨ ᠪᠠᠢᠢᠷᠢ᠂ ᠪᠤᠰᠤᠳ ᠠᠩ᠋ᠭᠢ ᠰᠠᠯᠪᠤᠷᠢ ᠢᠢ ᠠᠭᠠᠷ ᠤᠨ ᠴᠠᠭ ᠤᠨ ᠪᠠᠢᠢᠳᠠᠯ ᠤᠨ ᠮᠡᠳᠡᠭᠡ᠂ ᠮᠡᠳᠡᠭᠡᠯᠡᠯ ᠢᠶᠡᠷ ᠬᠠᠩ᠋ᠭᠠᠬᠤ᠂ ᠵᠠᠷᠯᠠᠨ ᠮᠡᠳᠡᠭᠡᠯᠡᠬᠦ᠂ ᠠᠭᠠᠷ ᠤᠨ ᠬᠢᠯᠢ᠂ ᠠᠭᠠᠷ ᠤᠨ ᠣᠷᠤᠨ ᠵᠠᠶ ᠳᠤ ᠬᠢᠨᠠᠯᠲᠠ ᠲᠠᠯᠪᠢᠬᠤ᠂ ᠬᠠᠮᠠᠭᠠᠯᠠᠬᠤ ᠡᠭᠦᠷᠭᠡ ᠭᠦᠢᠴᠡᠳᠬᠡᠵᠦ ᠪᠠᠢᠢᠨ᠎ᠠ᠃
