ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ «ᠴᠠᠭᠠᠨ ᠠᠯᠲᠠ» ᠦᠨᠳᠦᠰᠦᠨ ᠦ ᠬᠥᠲᠦᠯᠪᠦᠷᠢ ᠢᠢᠨ ᠬᠦᠷᠢᠶᠡᠨ ᠳᠥ «ᠰᠣᠷ ᠻᠠᠱᠧᠮᠢᠷ»᠂ «ᠰᠨᠣ᠊ᠦ᠋ ᠹᠢᠯᠳ᠋ᠰ»᠂ «ᠤᠯᠠᠭᠠᠨᠪᠠᠭᠠᠲᠤᠷ ᠬᠡᠪᠢᠰ» ᠻᠣᠮᠫᠠᠨᠢ ᠳᠤ ᠠᠵᠢᠯᠯᠠᠯ᠎ᠠ᠃
ᠶᠡᠷᠦᠩᠬᠡᠢᠢᠯᠡᠭᠴᠢ ᠮᠠᠯ ᠤᠨ ᠭᠠᠷᠤᠯ ᠲᠠᠢ ᠲᠦᠭᠦᠬᠡᠢ ᠡᠳ᠋ ᠦᠨ ᠦᠨ᠎ᠡ ᠴᠡᠨ᠎ᠡ ᠲᠡᠢ ᠪᠣᠯᠭᠠᠬᠤ ᠵᠣᠷᠢᠯᠭ᠎ᠠ ᠪᠠᠷ «ᠴᠠᠭᠠᠨ ᠠᠯᠲᠠ» ᠦᠨᠳᠦᠰᠦᠨ ᠦ ᠬᠥᠲᠦᠯᠪᠦᠷᠢ ᠰᠠᠨᠠᠭᠠᠴᠢᠯᠠᠨ ᠬᠡᠷᠡᠭᠵᠢᠭᠦᠯᠵᠦ ᠪᠠᠢᠢᠨ᠎ᠠ᠃ ᠬᠥᠲᠦᠯᠪᠦᠷᠢ ᠢᠢᠨ ᠳ᠋ᠦᠩ ᠳᠥ ᠣᠯᠠᠨ ᠤᠯᠤᠰ ᠤᠨ ᠰᠲ᠋ᠠᠨ᠋ᠳᠠᠷᠲ ᠲᠤ ᠨᠡᠢᠢᠴᠡᠭᠰᠡᠨ ᠥᠷᠢᠰᠦᠯᠳᠦᠬᠦ ᠴᠢᠳᠠᠪᠤᠷᠢ ᠲᠠᠢ᠂ ᠭᠠᠷᠤᠯ ᠡᠭᠦᠰᠦᠯ᠂ ᠴᠢᠨᠠᠷ ᠤᠨ ᠪᠠᠲᠤᠯᠠᠭ᠎ᠠ ᠲᠠᠢ᠂ ᠨᠡᠮᠡᠭᠦᠦ ᠥᠷᠲᠡᠭ ᠰᠢᠩ᠋ᠭᠡᠭ᠍ᠰᠡᠨ ᠪᠦᠲᠦᠭᠡᠭ᠍ᠳᠡᠬᠦᠨ ᠦ ᠦᠢᠯᠡᠳᠪᠦᠷᠢᠯᠡᠯ᠂ ᠡᠻᠰᠫᠣᠷᠲ ᠨᠡᠮᠡᠭᠳᠡᠵᠦ᠂ ᠮᠠᠯ ᠤᠨ ᠭᠠᠷᠤᠯ ᠲᠠᠢ ᠲᠦᠭᠦᠬᠡᠢ ᠡᠳ᠋ ᠦᠨ ᠦᠨ᠎ᠡ ᠴᠡᠨ᠎ᠡ ᠥᠰᠦᠨ᠎ᠡ᠃ ᠡᠨᠡ ᠬᠢᠷᠢ ᠪᠡᠷ ᠮᠠᠯᠴᠢᠳ ᠤᠨ ᠣᠷᠤᠯᠭ᠎ᠠ᠂ ᠠᠮᠢᠵᠢᠷᠠᠭ᠎ᠠ ᠰᠠᠢᠢᠵᠢᠷᠠᠵᠤ᠂ ᠬᠥᠳᠡᠭᠡ ᠠᠵᠤ ᠠᠬᠤᠶ᠂ ᠬᠥᠩ᠋ᠭᠡᠨ ᠦᠢᠯᠡᠳᠪᠦᠷᠢᠯᠡᠯ ᠦᠨ ᠰᠠᠯᠪᠤᠷᠢ ᠰᠢᠨ᠎ᠡ ᠱᠠᠲᠤᠨ ᠳᠤ ᠭᠠᠷᠬᠤ ᠶᠤᠮ᠃

«ᠰᠣᠷ ᠻᠠᠱᠧᠮᠢᠷ» ᠬᠠᠷᠢᠯᠴᠠᠭ᠎ᠠ ᠬᠣᠯᠪᠤᠭᠠᠨ ᠤ ᠻᠣᠮᠫᠠᠨᠢ 13 ᠠᠢᠢᠮᠠᠭ ᠠᠴᠠ ᠵᠢᠯ ᠳᠥ 800 ᠲᠣᠨᠠ ᠨᠣᠯᠤᠤᠷ ᠪᠡᠯᠡᠳᠬᠡᠬᠦ ᠢᠢᠨ ᠵᠡᠷᠭᠡᠴᠡᠭᠡ 200 ᠣᠷᠴᠢᠮ ᠲᠣᠨᠠ ᠲᠡᠮᠡᠭᠡᠨ ᠦ ᠨᠣᠣᠰᠤ᠂ 30 ᠭᠠᠷᠤᠶ ᠲᠣᠨᠠ ᠰᠠᠷᠯᠤᠭ ᠤᠨ ᠬᠥᠭᠡᠪᠦᠷ᠂ 200 ᠭᠠᠷᠤᠶ ᠲᠣᠨᠠ ᠬᠣᠨᠢᠨ ᠤ ᠨᠣᠣᠰᠤ ᠢᠢ ᠪᠣᠯᠪᠠᠰᠤᠷᠠᠭᠤᠯᠵᠤ᠂ ᠴᠡᠪᠡᠷ ᠤᠲᠠᠰᠤ᠂ ᠪᠡᠯᠡᠨ ᠪᠦᠲᠦᠭᠡᠭ᠍ᠳᠡᠬᠦᠨ ᠦᠢᠯᠡᠳᠪᠦᠷᠢᠯᠡᠵᠦ ᠪᠠᠢᠢᠨ᠎ᠠ᠃
ᠪᠦᠲᠦᠭᠡᠭ᠍ᠳᠡᠬᠦᠨ ᠢᠶᠡᠨ ᠳᠡᠯᠡᠬᠡᠢ ᠢᠢᠨ 17 ᠣᠷᠤᠨ ᠳᠤ ᠭᠠᠷᠭᠠᠳᠠᠭ ᠪᠥᠭᠡᠳ ᠳᠣᠲᠤᠭᠠᠳᠤ ᠢᠢᠨ 150 ᠭᠠᠷᠤᠶ ᠰᠦᠯᠵᠢᠬᠦ ᠼᠧᠬᠡ ᠢᠢ ᠨᠣᠯᠤᠤᠷ᠂ ᠲᠡᠮᠡᠭᠡᠨ ᠦ ᠨᠣᠣᠰᠤ᠂ ᠰᠠᠷᠯᠤᠭ ᠤᠨ ᠬᠥᠭᠡᠪᠦᠷ ᠦᠨ ᠡᠭᠡᠷᠡᠮᠡᠯ ᠤᠲᠠᠰᠤ ᠪᠠᠷ ᠬᠠᠩ᠋ᠭᠠᠳᠠᠭ᠃
ᠴᠢᠨᠠᠭᠰᠢᠳᠠ ᠬᠢᠯᠭᠠᠰᠤ ᠢᠯᠭᠠᠬᠤ ᠦᠢᠯᠡᠳᠪᠦᠷᠢ ᠪᠡᠨ ᠦᠷᠭᠡᠳᠭᠡᠬᠦ ᠪᠡᠷ ᠲᠥᠯᠦᠪᠯᠡᠭᠰᠡᠨ ᠲᠤᠬᠠᠶ ᠻᠣᠮᠫᠠᠨᠢ ᠢᠢᠨ ᠤᠳᠤᠷᠢᠳᠤᠯᠭ᠎ᠠ ᠲᠠᠨᠢᠯᠴᠠᠭᠤᠯᠤᠯ᠎ᠠ᠃


«ᠰᠨᠣ᠊ᠦ᠋ ᠹᠢᠯᠳ᠋ᠰ» ᠬᠠᠷᠢᠯᠴᠠᠭ᠎ᠠ ᠬᠣᠯᠪᠤᠭᠠᠨ ᠤ ᠻᠣᠮᠫᠠᠨᠢ ᠳᠣᠷᠤᠨᠠᠳᠤ ᠠᠢᠢᠮᠠᠭ ᠤᠨ ᠭᠤᠷᠪᠠᠨ ᠰᠤᠮᠤ ᠢᠢᠨ 360 ᠮᠠᠯᠴᠢᠨ ᠡᠷᠦᠬᠡ ᠲᠡᠢ ᠬᠠᠮᠲᠤᠷᠠᠨ ᠨᠣᠣᠰᠤ᠂ ᠨᠣᠯᠤᠤᠷ ᠢᠶᠠᠨ ᠪᠡᠯᠡᠳᠬᠡᠵᠦ᠂ ᠵᠢᠯ ᠳᠥ 50 ᠲᠣᠨᠠ ᠪᠦᠲᠦᠭᠡᠭ᠍ᠳᠡᠬᠦᠨ ᠦᠢᠯᠡᠳᠪᠦᠷᠢᠯᠡᠨ ᠶᠠᠫᠣᠨ᠂ ᠣᠷᠤᠰ ᠤᠨ ᠬᠣᠯᠪᠤᠭᠠᠨ ᠤ ᠤᠯᠤᠰ᠂ ᠦᠻᠷᠠᠢᠢᠨ᠂ ᠹᠷᠠᠨ᠋ᠼᠠ᠂ ᠠᠮᠧᠷᠢᠻᠠ ᠢᠢᠨ ᠨᠢᠭᠡᠳᠦᠭᠰᠡᠨ ᠤᠯᠤᠰ᠂ ᠰᠸᠢᠴᠧᠷᠯᠠᠨ᠋ᠳ᠋᠂ ᠭᠧᠷᠮᠠᠨ᠂ ᠰᠣᠯᠤᠩ᠋ᠭᠤᠰ ᠤᠯᠤᠰ ᠲᠤ ᠡᠻᠰᠫᠣᠷᠲ᠋ᠯᠠᠵᠤ ᠪᠠᠢᠢᠨ᠎ᠠ᠃
ᠮᠥᠨ ᠵᠢᠯ ᠳᠥ 70 ᠲᠣᠨᠠ ᠨᠣᠯᠤᠤᠷ᠂ ᠨᠣᠣᠰᠤ᠂ ᠬᠥᠭᠡᠪᠦᠷ ᠦᠨ ᠤᠲᠠᠰᠤ ᠦᠢᠯᠡᠳᠪᠦᠷᠢᠯᠡᠵᠦ ᠳᠣᠲᠤᠭᠠᠳᠤ ᠢᠢᠨ ᠵᠠᠬ᠎ᠠ ᠵᠡᠭᠡᠯᠢ ᠳᠥ ᠨᠡᠢᠢᠯᠡᠭᠦᠯᠳᠡᠭ᠃ ᠴᠢᠨᠠᠭᠰᠢᠳᠠ ᠪᠠᠢᠢᠭᠠᠯᠢ ᠳᠤ ᠡᠭᠡᠯᠢᠲᠡᠢ ᠡᠭᠡᠷᠡᠭᠰᠡᠨ ᠤᠲᠠᠰᠤ᠂ ᠰᠦᠯᠵᠢᠭᠰᠡᠨ ᠳ᠋ᠧᠲ᠋ᠠᠯ ᠢ ᠳᠠᠬᠢᠨ ᠪᠣᠯᠪᠠᠰᠤᠷᠠᠭᠤᠯᠬᠤ ᠳᠠᠮᠵᠢᠯᠭ᠎ᠠ ᠰᠠᠭᠤᠷᠢᠯᠠᠭᠤᠯᠵᠤ᠂ ᠬᠠᠭᠤᠴᠢᠨ ᠨᠣᠣᠰᠤ᠂ ᠨᠣᠯᠤᠤᠷ ᠤᠨ ᠬᠤᠪᠴᠠᠰᠤ ᠢᠢ ᠡᠭᠡᠷᠡᠮᠡᠯ ᠤᠲᠠᠰᠤ ᠪᠣᠯᠭᠠᠵᠤ ᠡᠴᠦᠰ ᠦᠨ ᠪᠦᠲᠦᠭᠡᠭ᠍ᠳᠡᠬᠦᠨ ᠦᠢᠯᠡᠳᠪᠦᠷᠢᠯᠡᠬᠦ ᠶᠤᠮ ᠪᠠᠢᠢᠨ᠎ᠠ᠃


«ᠤᠯᠠᠭᠠᠨᠪᠠᠭᠠᠲᠤᠷ ᠬᠡᠪᠢᠰ» ᠬᠤᠪᠢᠴᠠᠭᠠᠲᠤ ᠻᠣᠮᠫᠠᠨᠢ ᠠᠯᠲᠠᠨᠪᠤᠯᠠᠭ᠂ ᠠᠯᠲᠠᠨ ᠥᠷᠭᠦᠭᠡ᠂ ᠰᠠᠶᠠᠨ᠂ ᠤᠯᠠᠭᠠᠨᠪᠠᠭᠠᠲᠤᠷ ᠵᠡᠷᠭᠡ ᠨᠡᠷ᠎ᠡ ᠲᠥᠷᠦᠯ ᠦᠨ ᠴᠡᠪᠡᠷ ᠨᠣᠣᠰᠤᠨ ᠬᠡᠪᠢᠰ ᠦᠢᠯᠡᠳᠪᠦᠷᠢᠯᠡᠳᠡᠭ᠃ ᠵᠢᠯ ᠳᠥ ᠳᠤᠮᠳᠠᠵᠢ ᠪᠠᠷ 55-60 ᠮᠢᠩ᠋ᠭᠠᠨ м2 ᠬᠡᠪᠢᠰ ᠵᠠᠬ᠎ᠠ ᠵᠡᠭᠡᠯᠢ ᠳᠥ ᠨᠡᠢᠢᠯᠡᠭᠦᠯᠵᠦ ᠪᠠᠢᠢᠭ᠎ᠠ ᠨᠢ ᠳᠣᠲᠤᠭᠠᠳᠤ ᠳᠤ ᠦᠢᠯᠡᠳᠪᠦᠷᠢᠯᠡᠳᠡᠭ ᠨᠡᠢᠢᠲᠡ ᠬᠡᠪᠢᠰ ᠦᠨ 10-12 ᠬᠤᠪᠢ ᠶᠤᠮ᠃
ᠬᠡᠪᠢᠰ ᠦᠨ 30-35 ᠬᠤᠪᠢ ᠢᠢ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠤ ᠨᠡᠢᠢᠯᠡᠭᠦᠯᠳᠡᠭ ᠪᠥᠭᠡᠳ ᠲᠣᠨᠤᠭ ᠲᠥᠬᠦᠭᠡᠷᠦᠮᠵᠢ ᠪᠡᠨ ᠰᠢᠨᠡᠴᠢᠯᠠᠵᠦ᠂ ᠬᠦᠴᠦᠨ ᠴᠢᠳᠠᠯ ᠢᠢᠠᠨ ᠨᠡᠮᠡᠬᠦ ᠪᠡᠷ ᠲᠥᠯᠦᠪᠯᠡᠵᠡᠢ᠃
«ᠴᠠᠭᠠᠨ ᠠᠯᠲᠠ» ᠦᠨᠳᠦᠰᠦᠨ ᠦ ᠬᠥᠲᠦᠯᠪᠦᠷᠢ ᠴᠠᠭ ᠦᠶ᠎ᠡ ᠪᠡᠨ ᠣᠯᠤᠰᠤᠨ᠂ ᠬᠥᠳᠡᠭᠡ ᠠᠵᠤ ᠠᠬᠤᠶ᠂ ᠬᠥᠩ᠋ᠭᠡᠨ ᠦᠢᠯᠡᠳᠪᠦᠷᠢ ᠢᠢᠨ ᠰᠠᠯᠪᠤᠷᠢ ᠬᠥᠭ᠍ᠵᠢᠬᠦ᠂ ᠮᠠᠯᠴᠢᠳ ᠤᠨ ᠣᠷᠤᠯᠭ᠎ᠠ ᠨᠡᠮᠡᠭᠳᠡᠬᠦ ᠵᠡᠷᠭᠡ ᠣᠯᠠᠨ ᠳᠠᠪᠠᠭᠤ ᠲᠠᠯ᠎ᠠ ᠲᠠᠢ ᠢᠢ ᠠᠵᠤ ᠠᠬᠤᠢ ᠢᠢᠨ ᠨᠢᠭᠡᠴᠡ ᠨᠦᠭᠦᠳ ᠦᠨ ᠤᠳᠤᠷᠢᠳᠤᠯᠭ᠎ᠠ ᠨᠤᠭᠤᠳ ᠬᠡᠯᠡᠵᠦ ᠪᠠᠢᠢᠯ᠎ᠠ᠃
ᠡᠨᠡ ᠵᠢᠯ ᠠᠵᠤ ᠠᠬᠤᠢ ᠢᠢᠨ ᠨᠢᠭᠡᠴᠡ ᠨᠦᠭᠦᠳ ᠲᠥ ᠨᠡᠢᠢᠲᠡ 800 ᠲᠡᠷᠪᠤᠮ ᠲᠥᠭᠦᠷᠢᠭ᠌ ᠦᠨ ᠵᠡᠭᠡᠯᠡ ᠣᠯᠭᠤᠬᠤ ᠪᠠᠷ ᠲᠥᠯᠦᠪᠯᠡᠭᠰᠡᠨ᠃ 2025 ᠣᠨ ᠤ 02 ᠳ᠋ᠤᠭᠠᠷ ᠰᠠᠷ᠎ᠠ ᠢᠢᠨ 01 ᠡᠴᠡ ᠬᠣᠢᠢᠰᠢ ᠠᠵᠤ ᠠᠬᠤᠢ ᠢᠢᠨ ᠨᠢᠭᠡᠴᠡ ᠨᠦᠭᠦᠳ 100 ᠭᠠᠷᠤᠶ ᠲᠡᠷᠪᠤᠮ ᠲᠥᠭᠦᠷᠢᠭ᠌ ᠦᠨ ᠵᠡᠭᠡᠯᠡ ᠠᠪᠤᠭᠠᠳ ᠪᠠᠢᠢᠨ᠎ᠠ᠃


ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠮᠠᠯᠴᠢᠳ ᠲᠠᠢ ᠬᠠᠮᠲᠤᠷᠠᠨ ᠠᠵᠢᠯᠯᠠᠬᠤ ᠢᠢᠨ ᠵᠡᠷᠭᠡᠴᠡᠭᠡ ᠣᠯᠠᠨ ᠠᠷᠪᠠᠨ ᠠᠵᠢᠯ ᠤᠨ ᠪᠠᠢᠢᠷᠢ ᠪᠤᠢ ᠪᠣᠯᠭᠠᠨ᠂ ᠡᠴᠦᠰ ᠦᠨ ᠪᠦᠲᠦᠭᠡᠭ᠍ᠳᠡᠬᠦᠨ ᠢᠶᠡᠨ ᠳᠣᠲᠤᠭᠠᠳᠤ᠂ ᠭᠠᠳᠠᠭᠠᠳᠤ ᠢᠢᠨ ᠵᠠᠬ᠎ᠠ ᠵᠡᠭᠡᠯᠢ ᠳᠥ ᠨᠡᠢᠢᠯᠡᠭᠦᠯᠵᠦ᠂ ᠲᠠᠲᠠᠪᠤᠷᠢ ᠪᠠᠨ ᠲᠥᠯᠦᠵᠦ ᠪᠠᠢᠢᠭ᠎ᠠ ᠠᠵᠤ ᠠᠬᠤᠢ ᠢᠢᠨ ᠨᠢᠭᠡᠴᠡ᠂ ᠪᠠᠶᠠᠯᠢᠭ ᠪᠦᠲᠦᠭᠡᠭ᠍ᠴᠢᠳ ᠲᠥ ᠲᠠᠯᠠᠷᠬᠠᠯ ᠢᠯᠡᠷᠬᠡᠢᠢᠯᠡᠯ᠎ᠡ᠃
«ᠴᠠᠭᠠᠨ ᠠᠯᠲᠠ» ᠦᠨᠳᠦᠰᠦᠨ ᠦ ᠬᠥᠲᠦᠯᠪᠦᠷᠢ ᠢᠢ ᠭᠤᠷᠪᠠᠨ ᠵᠢᠯ ᠦᠨ ᠬᠤᠭᠤᠴᠠᠭᠠᠨ ᠳᠤ ᠬᠡᠷᠡᠭᠵᠢᠭᠦᠯᠵᠦ ᠨᠡᠢᠢᠲᠡ 8.000 ᠭᠠᠷᠤᠶ ᠠᠵᠢᠯ ᠤᠨ ᠪᠠᠢᠢᠷᠢ ᠪᠤᠢ ᠪᠣᠯᠭᠠᠨ᠎ᠠ᠃ ᠬᠥᠲᠦᠯᠪᠦᠷᠢ ᠢᠢᠨ ᠳ᠋ᠦᠩ ᠳᠥ ᠨᠣᠯᠤᠤᠷ ᠤᠨ ᠪᠦᠷᠢᠨ ᠪᠣᠯᠪᠠᠰᠤᠷᠠᠭᠤᠯᠤᠯᠲᠠ ᠢᠢᠨ ᠲᠥᠪᠰᠢᠨ ᠢ ᠣᠳᠤ ᠢᠢᠨ 20 ᠬᠤᠪᠢ ᠠᠴᠠ 40 ᠬᠦᠷᠲᠡᠯ᠎ᠡ ᠬᠤᠪᠢ᠂ ᠦᠢᠯᠡᠳᠪᠦᠷᠢᠯᠡᠯ ᠢ 1.5 ᠶᠡᠬᠡ ᠨᠠᠶᠤᠳ ᠲᠥᠭᠦᠷᠢᠭ᠌ ᠡᠴᠡ 2.3 ᠶᠡᠬᠡ ᠨᠠᠶᠤᠳ ᠲᠥᠭᠦᠷᠢᠭ᠌᠂ ᠡᠻᠰᠫᠣᠷᠲ ᠢ 398 ᠰᠠᠶ᠎ᠠ ᠠᠮᠠ᠊·ᠳ᠋ᠣᠯᠯᠠᠷ ᠠᠴᠠ 690 ᠰᠠᠶ᠎ᠠ ᠠᠮᠠ᠊·ᠳ᠋ᠣᠯᠯᠠᠷ ᠬᠦᠷᠲᠡᠯ᠎ᠡ ᠨᠡᠮᠡᠭᠳᠡᠭᠦᠯᠵᠦ᠂ ᠰᠢᠨ᠎ᠡ ᠪᠡᠷ ᠭᠤᠷᠪᠠᠨ ᠮᠢᠩ᠋ᠭ᠎ᠠ ᠭᠠᠷᠤᠶ ᠠᠵᠢᠯ ᠤᠨ ᠪᠠᠢᠢᠷᠢ ᠪᠤᠢ ᠪᠣᠯᠬᠤ ᠶᠤᠮ᠃
ᠮᠥᠨ:
• ᠨᠣᠣᠰᠤᠨ ᠤ ᠪᠣᠯᠪᠠᠰᠤᠷᠠᠭᠤᠯᠤᠯᠲᠠ ᠢᠢᠨ ᠲᠥᠪᠰᠢᠨ ᠢ ᠣᠳᠤ ᠢᠢᠨ 25 ᠬᠤᠪᠢ ᠠᠴᠠ 55 ᠬᠦᠷᠲᠡᠯ᠎ᠡ ᠬᠤᠪᠢ᠂ ᠦᠢᠯᠡᠳᠪᠦᠷᠢᠯᠡᠯ ᠢ 240 ᠲᠡᠷᠪᠤᠮ ᠲᠥᠭᠦᠷᠢᠭ᠌ ᠡᠴᠡ 670 ᠲᠡᠷᠪᠤᠮ ᠲᠥᠭᠦᠷᠢᠭ᠌᠂ ᠡᠻᠰᠫᠣᠷᠲ ᠢ 52 ᠰᠠᠶ᠎ᠠ ᠠᠮᠠ᠊·ᠳ᠋ᠣᠯᠯᠠᠷ ᠠᠴᠠ 119 ᠰᠠᠶ᠎ᠠ ᠠᠮᠠ᠊·ᠳ᠋ᠣᠯᠯᠠᠷ ᠬᠦᠷᠲᠡᠯ᠎ᠡ ᠨᠡᠮᠡᠭᠳᠡᠭᠦᠯᠵᠦ᠂ ᠰᠢᠨ᠎ᠡ ᠪᠡᠷ 2.200 ᠣᠷᠴᠢᠮ ᠠᠵᠢᠯ ᠤᠨ ᠪᠠᠢᠢᠷᠢ᠂
• ᠠᠷᠠᠰᠤ᠂ ᠰᠢᠷᠢᠨ ᠦ ᠪᠣᠯᠪᠠᠰᠤᠷᠠᠭᠤᠯᠤᠯᠲᠠ ᠢᠢᠨ ᠲᠥᠪᠰᠢᠨ ᠢ ᠣᠳᠤ ᠢᠢᠨ 30 ᠬᠤᠪᠢ ᠠᠴᠠ 50 ᠬᠦᠷᠲᠡᠯ᠎ᠡ ᠬᠤᠪᠢ᠂ ᠪᠣᠷᠤᠯᠠᠭᠤᠯᠤᠯᠲᠠ ᠢᠢ 57.8 ᠲᠡᠷᠪᠤᠮ ᠲᠥᠭᠦᠷᠢᠭ᠌ ᠡᠴᠡ 900 ᠲᠡᠷᠪᠤᠮ ᠲᠥᠭᠦᠷᠢᠭ᠌᠂ ᠡᠻᠰᠫᠣᠷᠲ ᠢ 9.6 ᠰᠠᠶ᠎ᠠ ᠠᠮᠠ᠊·ᠳ᠋ᠣᠯᠯᠠᠷ ᠠᠴᠠ 22.4 ᠰᠠᠶ᠎ᠠ ᠠᠮᠠ᠊·ᠳ᠋ᠣᠯᠯᠠᠷ ᠬᠦᠷᠲᠡᠯ᠎ᠡ ᠨᠡᠮᠡᠭᠳᠡᠭᠦᠯᠵᠦ᠂ ᠰᠢᠨ᠎ᠡ ᠪᠡᠷ 3.000 ᠭᠠᠷᠤᠶ ᠠᠵᠢᠯ ᠤᠨ ᠪᠠᠢᠢᠷᠢ ᠪᠤᠢ ᠪᠣᠯᠤᠨ᠎ᠠ ᠭᠡᠵᠦ ᠲᠣᠭᠠᠴᠠᠭᠠᠯᠠᠵᠤ ᠪᠠᠢᠢᠨ᠎ᠠ᠃
ᠡᠭᠦᠨ ᠦ ᠵᠡᠷᠭᠡᠴᠡᠭᠡ ᠮᠠᠯ ᠠᠵᠤ ᠠᠬᠤᠢ ᠢᠢᠨ ᠭᠠᠷᠤᠯ ᠲᠠᠢ ᠲᠦᠭᠦᠬᠡᠢ ᠡᠳ᠋ ᠦᠨ ᠡᠻᠰᠫᠣᠷᠲ ᠤᠨ ᠬᠡᠮᠵᠢᠶ᠎ᠡ ᠬᠣᠶᠠᠷ ᠳᠠᠬᠢᠨ ᠨᠡᠮᠡᠭᠳᠡᠵᠦ᠂ 800 ᠣᠷᠴᠢᠮ ᠰᠠᠶ᠎ᠠ ᠠᠮᠠ᠊·ᠳ᠋ᠣᠯᠯᠠᠷ ᠲᠤ ᠬᠦᠷᠬᠦ ᠶᠤᠮ᠃


«ᠴᠠᠭᠠᠨ ᠠᠯᠲᠠ» ᠦᠨᠳᠦᠰᠦᠨ ᠦ ᠬᠥᠲᠦᠯᠪᠦᠷᠢ ᠢᠢᠨ ᠨᠡᠢᠢᠲᠡ ᠲᠥᠰᠦᠪ 2.19 ᠶᠡᠬᠡ ᠨᠠᠶᠤᠳ ᠲᠥᠭᠦᠷᠢᠭ᠌ ᠪᠥᠭᠡᠳ ᠡᠭᠦᠨ ᠡᠴᠡ 680 ᠭᠠᠷᠤᠶ ᠲᠡᠷᠪᠤᠮ ᠲᠥᠭᠦᠷᠢᠭ᠌ ᠢ ᠤᠯᠤᠰ ᠤᠨ ᠲᠥᠰᠦᠪ ᠡᠴᠡ ᠰᠠᠩᠬᠦᠵᠢᠭᠦᠯᠦᠨᠡ᠃ ᠠᠷᠠᠯᠵᠢᠶᠠᠨ ᠤ ᠪᠠᠩᠻᠢ ᠨᠤᠭᠤᠳ ᠦᠢᠯᠡᠳᠪᠦᠷᠢ᠂ ᠠᠵᠤ ᠠᠬᠤᠢ ᠢᠢᠨ ᠨᠢᠭᠡᠴᠡ ᠨᠦᠭᠦᠳ ᠲᠥ 1.5 ᠶᠡᠬᠡ ᠨᠠᠶᠤᠳ ᠲᠥᠭᠦᠷᠢᠭ᠌ ᠦᠨ ᠵᠡᠭᠡᠯᠡ ᠣᠯᠭᠤᠬᠤ ᠪᠥᠭᠡᠳ ᠭᠠᠳᠠᠭᠠᠳᠤ ᠢᠢᠨ ᠵᠡᠭᠡᠯᠡ᠂ ᠲᠤᠰᠠᠯᠠᠮᠵᠢ ᠢᠢᠨ ᠬᠥᠷᠦᠩ᠋ᠭᠡ ᠪᠡᠷ ᠬᠡᠷᠡᠭᠵᠢᠵᠦ ᠪᠠᠢᠢᠭ᠎ᠠ ᠲᠥᠰᠦᠯ᠂ ᠬᠥᠲᠦᠯᠪᠦᠷᠢ ᠨᠦᠭᠦᠳ ᠢ «ᠴᠠᠭᠠᠨ ᠠᠯᠲᠠ» ᠬᠥᠲᠦᠯᠪᠦᠷᠢ ᠲᠡᠢ ᠤᠶᠠᠯᠳᠤᠭᠤᠯᠤᠨ᠎ᠠ᠃
ᠮᠠᠨ ᠤ ᠤᠯᠤᠰ ᠵᠢᠯ ᠳᠥ ᠳᠤᠮᠳᠠᠵᠢ ᠪᠠᠷ 50 ᠣᠷᠴᠢᠮ ᠮᠢᠩ᠋ᠭᠠᠨ ᠲᠣᠨᠠ ᠨᠣᠣᠰᠤ᠂ ᠨᠣᠯᠤᠤᠷ ᠤᠨ ᠲᠦᠭᠦᠬᠡᠢ ᠡᠳ᠋ ᠪᠡᠯᠡᠳᠬᠡᠬᠦ ᠨᠥᠭᠡᠴᠡ ᠲᠡᠢ᠃
ᠡᠭᠦᠨ ᠦ 37 ᠮᠢᠩ᠋ᠭᠠᠨ ᠲᠣᠨᠠ ᠨᠢ ᠬᠣᠨᠢᠨ ᠤ ᠨᠣᠣᠰᠤ᠂ 10 ᠮᠢᠩ᠋ᠭ᠎ᠠ ᠨᠢ ᠢᠮᠠᠭᠠᠨ ᠤ ᠨᠣᠯᠤᠤᠷ᠂ 2.000 ᠨᠢ ᠲᠡᠮᠡᠭᠡᠨ ᠦ ᠨᠣᠣᠰᠤ᠂ 400 ᠲᠣᠨᠠ ᠨᠢ ᠰᠠᠷᠯᠤᠭ ᠤᠨ ᠬᠥᠭᠡᠪᠦᠷ ᠪᠠᠢᠢᠨ᠎ᠠ᠃ ᠡᠳᠡᠭᠡᠷ ᠦᠨ 70 ᠭᠠᠷᠤᠶ ᠬᠤᠪᠢ ᠢᠢ ᠨᠢ ᠵᠥᠪᠬᠡᠨ ᠤᠬᠢᠶᠠᠭᠠᠳ ᠡᠻᠰᠫᠣᠷᠲ ᠲᠤ ᠭᠠᠷᠭᠠᠳᠠᠭ ᠶᠤᠮ᠃
