Та "Internet explorer"-ийн сүүлийн хувилбар болох "Microsoft edge"-г ашиглана уу

Хэрэв "Microsoft edge"-г татах бол энд дарж татаж авна уу

ᠻᠦᠸᠠᠢᠢᠲ᠋ ᠦᠨ ᠡᠯᠴᠢᠨ ᠰᠠᠢᠢᠳ ᠢᠲᠡᠭᠡᠮᠵᠢᠯᠠᠬᠦ ᠵᠢᠭᠤᠬᠤ ᠪᠢᠴᠢᠭ ᠢᠢᠡᠨ ᠡᠷᠭᠦᠨ ᠪᠠᠷᠢᠯ᠎ᠠ

ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠳᠥ ᠻᠦᠸᠠᠢᠢᠲ᠋ ᠤᠯᠤᠰ ᠠᠴᠠ ᠮᠣᠩ᠋ᠭᠤᠯ ᠤᠯᠤᠰ ᠲᠤ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠮᠦᠲ᠋ᠯᠠᠻ ᠠ᠊᠂ᠮ᠂ ᠠᠯᠢ-ᠲᠦᠸᠢᠮᠧᠷ ᠢᠲᠡᠭᠡᠮᠵᠢᠯᠠᠬᠦ ᠵᠢᠭᠤᠬᠤ ᠪᠢᠴᠢᠭ᠌ ᠢᠢᠡᠨ ᠡᠷᠭᠦᠨ ᠪᠠᠷᠢᠯ᠎ᠠ᠃

ᠶᠡᠷᠦᠩᠬᠡᠢᠢᠯᠡᠭᠴᠢ ᠤ·ᠬᠦᠷᠡᠯᠰᠦ᠋ᠬᠡ ᠬᠣᠶᠠᠷ ᠣᠷᠤᠨ ᠤ ᠬᠠᠷᠢᠯᠴᠠᠭ᠎ᠠ ᠢᠳᠡᠪᠬᠢᠲᠡᠢ ᠬᠥᠭ᠍ᠵᠢᠵᠦ ᠪᠠᠢᠢᠭ᠎ᠠ ᠢᠢ ᠲᠡᠮᠳᠡᠭᠯᠡᠵᠦ᠂ ᠠᠷᠠᠪ ᠤᠨ ᠡᠳ᠋ ᠦᠨ ᠵᠠᠰᠠᠭ ᠤᠨ ᠬᠥᠭ᠍ᠵᠢᠯ ᠦᠨ ᠻᠦᠸᠠᠢᠢᠲ᠋ ᠦᠨ ᠰᠠᠩ ᠤᠨ ᠱᠤᠭᠤᠮ ᠢᠶᠠᠷ ᠳᠡᠳ᠋ ᠪᠦᠲᠦᠴᠡ᠂ ᠡᠷᠴᠢᠮ ᠬᠦᠴᠦ᠂ ᠡᠷᠡᠭᠦᠯ ᠮᠡᠨᠳᠦ ᠢᠢᠨ ᠰᠠᠯᠪᠤᠷᠢ ᠳᠤ ᠣᠷᠤᠭᠤᠯᠤᠭᠰᠠᠨ ᠬᠥᠷᠦᠩ᠋ᠭᠡ᠂ ᠬᠡᠷᠡᠭᠵᠢᠭᠦᠯᠦᠭᠰᠡᠨ ᠲᠥᠰᠦᠯ᠂ ᠬᠥᠲᠦᠯᠪᠦᠷᠢ ᠨᠦᠭᠦᠳ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠪᠡᠬᠢᠵᠢᠭᠦᠯᠬᠦ ᠳᠥ ᠴᠢᠬᠤᠯᠠ ᠡᠭᠦᠷᠭᠡ ᠭᠦᠢᠴᠡᠳᠬᠡᠭ᠍ᠰᠡᠨ ᠢ ᠣᠨᠴᠠᠯᠠᠪᠠ᠃

ᠮᠥᠨ ᠠᠷᠠᠪ ᠤᠨ ᠡᠳ᠋ ᠦᠨ ᠵᠠᠰᠠᠭ ᠤᠨ ᠬᠥᠭ᠍ᠵᠢᠯ ᠦᠨ ᠻᠦᠸᠠᠢᠢᠲ᠋ ᠦᠨ ᠰᠠᠩ ᠢ 2024 ᠣᠨ ᠳᠤ «ᠨᠠᠢᠢᠷᠠᠮᠳᠠᠯ» ᠮᠧᠳᠠᠯᠢ ᠪᠠᠷ ᠱᠠᠩᠨᠠᠭᠰᠠᠨ ᠢ ᠳᠤᠷᠠᠳᠴᠤ᠂ ᠲᠣᠮᠣᠬᠠᠨ ᠲᠥᠰᠦᠯ ᠦᠳ ᠲᠥ ᠻᠦᠸᠠᠢᠢᠲ᠋ ᠦᠨ ᠵᠠᠰᠠᠭ ᠤᠨ ᠭᠠᠵᠠᠷ ᠬᠥᠷᠦᠩ᠋ᠭᠡ ᠣᠷᠤᠭᠤᠯᠤᠨ᠂ ᠬᠠᠷᠢᠯᠴᠠᠨ ᠠᠰᠢᠭ ᠲᠠᠢ ᠬᠠᠮᠲᠤᠷᠠᠨ ᠠᠵᠢᠯᠯᠠᠨ᠎ᠠ ᠭᠡᠳᠡᠭ ᠲᠥ ᠢᠲᠡᠭᠡᠯ ᠲᠡᠢ ᠪᠠᠢᠢᠭ᠎ᠠ ᠪᠠᠨ ᠬᠡᠯᠡᠯ᠎ᠡ᠃

ᠡᠯᠴᠢᠨ ᠰᠠᠢᠢᠳ ᠮᠦᠲ᠋ᠯᠠᠻ ᠠ᠊᠂ᠮ᠂ ᠠᠯᠢ-ᠲᠦᠸᠢᠮᠧᠷ ᠤᠯᠤᠰ ᠤᠨ ᠢᠶᠠᠨ ᠡᠮᠢᠷ ᠮᠢᠱᠠᠯ ᠠᠯᠢ-ᠠᠾᠮᠠᠳ᠋ ᠠᠯᠢ-ᠵᠠᠪᠧᠷ ᠠᠯᠢ-ᠰᠠᠪᠠᠾ ᠮᠣᠩ᠋ᠭᠤᠯ ᠤᠯᠤᠰ ᠤᠨ ᠶᠡᠷᠦᠩᠬᠡᠢᠢᠯᠡᠭᠴᠢ ᠳᠥ ᠮᠡᠨᠳᠦᠴᠢᠯᠡᠭᠡ ᠳᠡᠪᠰᠢᠭᠦᠯᠦᠭᠰᠡᠨ ᠢ ᠤᠯᠠᠮᠵᠢᠯᠠᠵᠤ᠂ ᠮᠣᠩ᠋ᠭᠤᠯ ᠤᠨ ᠠᠷᠠᠳ ᠲᠦᠮᠡᠨ ᠳᠥ ᠰᠠᠷ᠎ᠠ ᠰᠢᠨ᠎ᠡ ᠢᠢᠨ ᠪᠠᠶᠠᠷ ᠤᠨ ᠮᠡᠨᠳᠦ ᠬᠦᠷᠭᠡᠯ᠎ᠡ᠃

ᠴᠢᠨᠠᠭᠰᠢᠳᠠ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠪᠦᠬᠦ ᠲᠠᠯ᠎ᠠ ᠪᠠᠷ ᠥᠷᠭᠡᠵᠢᠭᠦᠯᠦᠨ ᠬᠥᠭ᠍ᠵᠢᠭᠦᠯᠬᠦ᠂ ᠲᠡᠭᠦᠨ ᠦ ᠳᠣᠲᠤᠷ᠎ᠠ ᠮᠣᠩ᠋ᠭᠤᠯ ᠤᠨ ᠮᠢᠬᠠᠨ ᠤ ᠡᠻᠰᠫᠣᠷᠲ ᠢ ᠤᠯᠠᠮ ᠳᠡᠮᠵᠢᠵᠦ ᠠᠵᠢᠯᠯᠠᠬᠤ ᠪᠠᠨ ᠢᠯᠡᠷᠬᠡᠢᠢᠯᠡᠪᠡ᠃ ᠬᠣᠶᠠᠷ ᠣᠷᠤᠨ ᠤ ᠬᠣᠭᠤᠷᠤᠨᠳᠤ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 50 ᠵᠢᠯ ᠦᠨ ᠣᠢ ᠡᠨᠡ ᠵᠢᠯ ᠲᠣᠬᠢᠶᠠᠵᠤ ᠪᠠᠢᠢᠨ᠎ᠠ᠃ ᠻᠦᠸᠠᠢᠢᠲ᠋ ᠨᠢ ᠮᠠᠨ ᠤ ᠤᠯᠤᠰ ᠲᠤ ᠡᠯᠴᠢᠨ ᠰᠠᠢᠢᠳ ᠤᠨ ᠶᠠᠮᠤ ᠪᠠᠨ ᠨᠡᠭᠡᠭᠡᠭ᠍ᠰᠡᠨ ᠠᠷᠠᠪ ᠤᠨ ᠠᠩᠬᠠᠨ ᠤ ᠣᠷᠤᠨ ᠶᠤᠮ᠃