Та "Internet explorer"-ийн сүүлийн хувилбар болох "Microsoft edge"-г ашиглана уу

Хэрэв "Microsoft edge"-г татах бол энд дарж татаж авна уу

«ᠦᠷ᠎ᠡ ᠵᠢᠮᠢᠰ» ᠬᠣᠷᠰᠢᠶᠠᠨ ᠤ ᠲᠡᠷᠢᠭᠦᠨ ᠳᠡ᠊·ᠴᠡᠩᠳᠦᠰᠦ᠋ᠷᠦᠩ ᠳᠥ ᠬᠥᠳᠡᠯᠮᠦᠷᠢ ᠢᠢᠨ ᠪᠠᠭᠠᠲᠤᠷ ᠴᠣᠯᠠ ᠣᠯᠭᠤᠯ᠎ᠠ

«ᠡᠯᠳᠡᠪ ᠡᠷᠳᠡᠨᠢᠲᠦ» ᠬᠡᠮᠡᠬᠦ ᠮᠣᠳᠤᠨ ᠮᠣᠭᠠᠶ ᠵᠢᠯ ᠦᠨ ᠴᠠᠭᠠᠨ ᠰᠠᠷ᠎ᠠ ᠢᠢᠨ ᠪᠠᠶᠠᠷ ᠢ ᠲᠣᠬᠢᠶᠠᠯᠳᠤᠭᠤᠯᠤᠨ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠵᠠᠷᠯᠢᠭ ᠪᠠᠭᠤᠯᠭᠠᠵᠤ᠂ ᠨᠡᠷ᠎ᠡ ᠪᠦᠬᠦᠢ ᠡᠷᠬᠢᠮ ᠦᠳ ᠲᠥ ᠲᠥᠷᠦ ᠢᠢᠨ ᠳᠡᠭᠡᠳᠦ ᠴᠣᠯᠠ᠂ ᠣᠳᠣᠨ᠂ ᠮᠧᠳᠠᠯᠢ ᠬᠦᠷᠲᠡᠭᠡᠯ᠎ᠡ᠃

• ᠣᠢ᠂ ᠵᠢᠮᠢᠰ ᠵᠢᠮᠢᠰᠬᠡᠨ᠎ᠡ ᠢᠢᠨ ᠰᠠᠯᠪᠤᠷᠢ ᠢᠢ ᠬᠥᠭ᠍ᠵᠢᠭᠦᠯᠬᠦ ᠳᠥ ᠬᠥᠳᠡᠯᠮᠦᠷᠢ ᠵᠢᠳᠬᠦᠯ ᠢᠢᠡᠨ ᠵᠣᠷᠢᠭᠤᠯᠤᠨ ᠮᠣᠳᠤ ᠦᠷᠡᠵᠢᠭᠦᠯᠭᠡ ᠢᠢᠨ ᠭᠠᠵᠠᠷ ᠪᠠᠢᠢᠭᠤᠯᠵᠤ᠂ ᠮᠣᠳᠤᠨ ᠤ ᠲᠠᠷᠢᠴᠠ᠂ ᠰᠠᠭᠤᠯᠭᠠᠴᠠ ᠦᠷᠡᠵᠢᠭᠦᠯᠦᠨ᠂ ᠣᠢ ᠢᠢᠨ ᠵᠤᠷᠪᠤᠰ ᠪᠠᠢᠢᠭᠤᠯᠵᠤ᠂ ᠬᠣᠲᠠ ᠰᠠᠭᠤᠷᠢᠨ ᠭᠠᠵᠠᠷ ᠤᠨ ᠨᠣᠭᠤᠭᠠᠨ ᠪᠠᠢᠢᠭᠤᠯᠤᠮᠵᠢ ᠢᠢ ᠨᠡᠮᠡᠭᠳᠡᠭᠦᠯᠬᠦ᠂ ᠴᠥᠯᠵᠢᠯᠲᠡ᠂ ᠬᠥᠷᠦᠰᠦᠨ ᠦ ᠳᠣᠷᠤᠢᠢᠲᠠᠯ ᠢ ᠪᠠᠭᠤᠷᠠᠭᠤᠯᠬᠤ᠂ ᠣᠢ ᠢᠢᠨ ᠰᠠᠯᠪᠤᠷᠢ ᠢᠢᠨ ᠡᠳ᠋ ᠦᠨ ᠵᠠᠰᠠᠭ ᠤᠨ ᠦᠷ᠎ᠡ ᠥᠭ᠍ᠭᠦᠭᠡᠵᠢ ᠢᠢ ᠨᠡᠮᠡᠭᠳᠡᠭᠦᠯᠬᠦ᠂ ᠪᠠᠢᠢᠭᠠᠯᠢ ᠣᠷᠴᠢᠨ ᠢᠶᠠᠨ ᠬᠠᠮᠠᠭᠠᠯᠠᠬᠤ᠂ ᠰᠠᠯᠪᠤᠷᠢ ᠢᠢᠨ ᠵᠠᠯᠠᠭᠤ ᠮᠡᠷᠭᠡᠵᠢᠯᠲᠡᠨ ᠨᠦᠭᠦᠳ ᠢ ᠰᠤᠷᠭᠠᠨ ᠳᠠᠳᠤᠯᠭᠠᠵᠢᠭᠤᠯᠬᠤ᠂ ᠡᠬᠡ ᠳᠡᠯᠡᠬᠡᠶ ᠪᠡᠨ ᠬᠠᠢᠢᠷᠠᠯᠠᠨ ᠬᠠᠮᠠᠭᠠᠯᠠᠬᠤ ᠶᠡᠬᠡ ᠦᠢᠯᠡᠰ ᠲᠥ ᠣᠷᠤᠭᠤᠯᠤᠭᠰᠠᠨ ᠬᠤᠪᠢ ᠨᠡᠮᠡᠷᠢ ᠢᠢ ᠨᠢ ᠦᠨᠡᠯᠡᠵᠦ᠂ ᠤᠯᠤᠰ ᠤᠨ ᠲᠡᠷᠢᠭᠦᠨ ᠦ «ᠦᠷ᠎ᠡ ᠵᠢᠮᠢᠰ» ᠬᠣᠷᠰᠢᠶᠠᠨ ᠤ ᠲᠡᠷᠢᠭᠦᠨ᠂ ᠪᠠᠢᠢᠭᠠᠯᠢ ᠣᠷᠴᠢᠨ ᠤ ᠭᠠᠪᠢᠶᠠᠲᠤ ᠠᠵᠢᠯᠲᠠᠨ ᠳᠡᠯᠡᠭ ᠦᠨ ᠴᠡᠩᠳᠦᠰᠦ᠋ᠷᠦᠩ ᠳᠥ ᠮᠣᠩ᠋ᠭᠤᠯ ᠤᠯᠤᠰ ᠤᠨ ᠬᠥᠳᠡᠯᠮᠦᠷᠢ ᠢᠢᠨ ᠪᠠᠭᠠᠲᠤᠷ ᠴᠣᠯᠠ ᠬᠦᠷᠲᠡᠭᠡᠵᠦ᠂ ᠪᠠᠭᠠᠲᠤᠷ ᠤᠨ «ᠠᠯᠲᠠᠨ ᠰᠣᠶᠤᠩᠪᠤ» ᠲᠡᠮᠳᠡᠭ᠂ ᠰᠦᠬᠡᠪᠠᠭᠠᠲᠤᠷ ᠤᠨ ᠣᠳᠣᠨ ᠢᠢᠠᠷ ᠱᠠᠩᠨᠠᠯ᠎ᠠ᠃

ᠠᠷᠠᠳ ᠤᠨ ᠪᠠᠭᠰᠢ ᠴᠣᠯᠠ ᠪᠠᠷ:

• ᠠᠨᠠᠭᠠᠬᠤ ᠢᠢᠨ ᠰᠢᠨᠵᠢᠯᠡᠬᠦ ᠤᠬᠠᠭᠠᠨ᠂ ᠪᠣᠯᠪᠠᠰᠤᠷᠠᠯ ᠤᠨ ᠰᠠᠯᠪᠤᠷᠢ ᠳᠤ ᠦᠷ᠎ᠡ ᠪᠦᠲᠦᠭᠡᠯ ᠲᠡᠢ ᠠᠵᠢᠯᠯᠠᠨ ᠤᠳᠤᠮ ᠵᠦᠢ᠂ ᠳᠠᠷᠬᠠᠯᠠᠯ ᠰᠤᠳᠤᠯᠤᠯ᠂ ᠮᠣᠯᠧᠻᠦ᠋ᠯ ᠪᠢᠣᠯᠣᠭᠢ ᠰᠤᠳᠤᠯᠤᠯ ᠢ ᠬᠥᠭ᠍ᠵᠢᠭᠦᠯᠬᠦ᠂ ᠠᠨᠠᠭᠠᠬᠤ ᠤᠬᠠᠭᠠᠨ ᠤ ᠰᠤᠷᠭᠠᠯᠲᠠ ᠢᠢᠨ ᠲᠣᠭᠲᠠᠯᠴᠠᠭᠠᠨ ᠳᠤ ᠰᠤᠪᠢᠯᠠᠬᠤᠢ ᠢᠢᠨ ᠲᠤᠰᠠᠯᠠᠮᠵᠢ᠂ ᠦᠢᠯᠡᠴᠢᠯᠡᠭᠡᠨ ᠦ ᠴᠢᠨᠠᠷ ᠢ ᠨᠡᠮᠡᠭᠳᠡᠭᠦᠯᠬᠦ ᠰᠤᠷᠭᠠᠯᠲᠠ ᠢᠢᠨ ᠠᠷᠭ᠎ᠠ ᠵᠦᠢ ᠨᠡᠪᠲᠡᠷᠡᠭᠦᠯᠵᠦ᠂ ᠡᠷᠳᠡᠮ ᠰᠢᠨᠵᠢᠯᠡᠭᠡᠨ ᠦ ᠪᠣᠯᠤᠨ ᠠᠰᠠᠭᠤᠳᠠᠯ ᠳᠡᠪᠰᠢᠭᠦᠯᠦᠭᠰᠡᠨ ᠥᠭᠦᠯᠡᠯ᠂ ᠨᠡᠢᠢᠲᠡᠯᠡᠯ ᠲᠤᠭᠤᠷᠪᠢᠨ᠂ ᠵᠠᠯᠠᠭᠤ ᠮᠡᠷᠭᠡᠵᠢᠯᠲᠡᠨ ᠨᠦᠭᠦᠳ ᠢ ᠪᠡᠯᠡᠳᠬᠡᠵᠦ᠂ ᠰᠤᠷᠭᠠᠨ ᠳᠠᠳᠤᠯᠭᠠᠵᠢᠭᠤᠯᠤᠭᠰᠠᠨ ᠠᠨᠠᠭᠠᠬᠤ ᠢᠢᠨ ᠰᠢᠨᠵᠢᠯᠡᠬᠦ ᠤᠬᠠᠭᠠᠨ ᠤ ᠦᠨᠳᠦᠰᠦᠨ ᠦ ᠶᠡᠬᠡ ᠰᠤᠷᠭᠠᠭᠤᠯᠢ ᠢᠢᠨ ᠪᠢᠣ᠋ ᠠᠨᠠᠭᠠᠬᠤ ᠢᠢᠨ ᠰᠤᠷᠭᠠᠭᠤᠯᠢ ᠢᠢᠨ ᠪᠠᠭᠰᠢ᠂ ᠭᠠᠪᠢᠶᠠᠲᠤ ᠪᠠᠭᠰᠢ᠂ ᠰᠢᠨᠵᠢᠯᠡᠬᠦ ᠤᠬᠠᠭᠠᠨ ᠤ ᠳ᠋ᠣᠻᠲ᠋ᠤᠷ᠂ ᠫᠷᠣᠹᠧᠰᠰᠤᠷ ᠶᠢᠳᠴᠢᠨᠬᠣᠷᠯᠣ ᠢᠢᠨ ᠫᠦᠷᠪᠦᠳᠣᠷᠵᠢ᠂

ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ ᠴᠣᠯᠠ ᠪᠠᠷ:

• ᠤᠷᠭᠤᠮᠠᠯ ᠬᠠᠮᠠᠭᠠᠯᠠᠯ ᠤᠨ ᠡᠷᠳᠡᠮ ᠰᠢᠨᠵᠢᠯᠡᠭᠡᠨ ᠦ ᠬᠦᠷᠢᠶᠡᠯᠡᠩ ᠦᠨ ᠠᠬᠠᠮᠠᠳ ᠠᠵᠢᠯᠲᠠᠨ᠂ ᠠᠻᠠᠳᠧᠮᠢᠴᠢ᠂ ᠬᠥᠳᠡᠭᠡ ᠠᠵᠤ ᠠᠬᠤᠢ ᠢᠢᠨ ᠰᠢᠨᠵᠢᠯᠡᠬᠦ ᠤᠬᠠᠭᠠᠨ ᠤ ᠳ᠋ᠣᠻᠲ᠋ᠤᠷ᠂ ᠫᠷᠣᠹᠧᠰᠰᠤᠷ ᠪᠠᠯᠳᠠᠨᠳᠣᠷᠵᠢ ᠢᠢᠨ ᠠᠮᠤᠷᠵᠢᠷᠭᠠᠯ᠂

ᠭᠠᠪᠢᠶᠠᠲᠤ ᠳᠠᠰᠬᠠᠯᠵᠢᠭᠤᠯᠤᠭᠴᠢ ᠴᠣᠯᠠ ᠪᠠᠷ:

• ᠠᠭᠤᠯᠠ ᠢᠢᠨ ᠰᠫᠣᠷᠲ ᠤᠨ ᠲᠠᠮᠢᠷᠴᠢᠨ᠂ ᠳᠠᠰᠬᠠᠯᠵᠢᠭᠤᠯᠤᠭᠴᠢ᠂ ᠣᠯᠠᠨ ᠤᠯᠤᠰ ᠤᠨ ᠬᠡᠮᠵᠢᠶᠡᠨ ᠦ ᠮᠠᠰᠲ᠋ᠧᠷ ᠲᠡᠮᠦᠷᠪᠠᠭᠠᠲᠤᠷ ᠤᠨ ᠶᠢᠳᠴᠢᠨᠨᠥᠷᠪᠣ᠂

ᠭᠠᠪᠢᠶᠠᠲᠤ ᠲᠠᠮᠢᠷᠴᠢᠨ ᠴᠣᠯᠠ ᠪᠠᠷ:

• ᠰᠠᠭᠰᠤᠨ ᠪᠥᠮᠪᠦᠭᠡ ᠢᠢᠨ ᠰᠢᠭᠰᠢᠭᠡ ᠪᠠᠭ ᠤᠨ ᠲᠠᠮᠢᠷᠴᠢᠨ ᠪᠠᠲᠤᠲᠦ᠋ᠪᠰᠢᠨ ᠦ ᠪᠢᠯᠢᠭᠦᠨ᠂

ᠪᠠᠢᠢᠭᠠᠯᠢ ᠣᠷᠴᠢᠨ ᠤ ᠭᠠᠪᠢᠶᠠᠲᠤ ᠠᠵᠢᠯᠲᠠᠨ ᠴᠣᠯᠠ ᠪᠠᠷ:

• ᠲᠤᠵᠢ ᠢᠢᠨ ᠨᠠᠷᠠᠰᠤᠨ ᠤ ᠪᠠᠢᠢᠭᠠᠯᠢ ᠢᠢᠨ ᠴᠣᠭᠴᠠᠯᠠᠪᠤᠷᠢᠳᠤ ᠭᠠᠵᠠᠷ ᠤᠨ ᠬᠠᠮᠠᠭᠠᠯᠠᠯᠲᠠ ᠢᠢᠨ ᠵᠠᠬᠢᠷᠭᠠᠨ ᠤ ᠠᠬᠠᠮᠠᠳ ᠠᠵᠢᠯᠲᠠᠨ᠂ ᠪᠠᠢᠢᠭᠠᠯᠢ ᠬᠠᠮᠠᠭᠠᠯᠠᠭᠴᠢ ᠳᠠᠮᠪᠠᠳᠠᠷᠵᠠᠶ ᠢᠢᠨ ᠳᠣᠪᠳᠠᠨᠳᠡᠮᠪᠡᠷᠢᠯ᠂

ᠭᠠᠪᠢᠶᠠᠲᠤ ᠮᠠᠯᠴᠢᠨ ᠴᠣᠯᠠ ᠪᠠᠷ:

• ᠤᠪᠰᠤ ᠠᠢᠢᠮᠠᠭ ᠤᠨ ᠵᠡᠬᠦᠨᠬᠠᠩᠭ᠋ᠠᠢ ᠰᠤᠮᠤ ᠢᠢᠨ ᠮᠠᠯᠴᠢᠨ᠂ ᠤᠯᠤᠰ ᠤᠨ ᠠᠪᠤᠷᠭᠤ ᠮᠠᠯᠴᠢᠨ ᠴᠠᠭᠠᠨᠬᠦᠦ ᠢᠢᠨ ᠪᠠᠯᠵᠢᠩᠨᠢᠮ᠎ᠠ᠂

ᠭᠠᠪᠢᠶᠠᠲᠤ ᠲᠧᠭᠨᠢᠭᠴᠢ ᠴᠣᠯᠠ ᠪᠠᠷ:

• «ᠠ-ᠵᠧᠲ᠋ ᠠᠸᠢᠸᠧᠢᠢᠱᠨ»᠎ ᠬᠢᠵᠠᠭᠠᠷᠯᠠᠭᠳᠠᠮᠠᠯ ᠬᠠᠷᠢᠭᠤᠴᠠᠯᠭᠠᠲᠠᠢ ᠻᠣᠮᠫᠠᠨᠢ ᠢᠢᠨ ᠨᠠᠪᠢᠭᠠᠼᠢ ᠢᠢᠨ ᠢᠨ᠋ᠵᠧᠨ᠋᠋ᠧᠷ ᠦᠷᠵᠠᠨ ᠦᠨ ᠵᠠᠮᠰᠠᠷᠢᠩ᠂

ᠭᠠᠪᠢᠶᠠᠲᠤ ᠠᠭᠤᠷᠬᠠᠢᠢᠴᠢᠨ ᠴᠣᠯᠠ ᠪᠠᠷ:

• «ᠡᠷᠳᠡᠨᠢᠲᠦ ᠦᠢᠯᠡᠳᠪᠦᠷᠢ» ᠲᠥᠷᠦ ᠢᠢᠨ ᠥᠮᠴᠢ ᠢᠢᠨ ᠦᠢᠯᠡᠳᠪᠦᠷᠢ ᠢᠢᠨ ᠭᠠᠵᠠᠷ ᠤᠨ ᠢᠯᠡ ᠠᠭᠤᠷᠬᠠᠢ ᠢᠢᠨ ᠳᠠᠷᠤᠭ᠎ᠠ ᠳᠡᠨᠳᠦᠪ ᠦᠨ ᠨᠢᠮᠠᠳᠣᠷᠵᠢ᠂

ᠭᠠᠪᠢᠶᠠᠲᠤ ᠪᠠᠭᠰᠢ ᠴᠣᠯᠠ ᠪᠠᠷ:

• ᠪᠣᠯᠪᠠᠰᠤᠷᠠᠯ ᠤᠨ ᠶᠡᠬᠡ ᠰᠤᠷᠭᠠᠭᠤᠯᠢ ᠢᠢᠨ ᠨᠡᠢᠢᠭᠡᠮ᠂ ᠬᠦᠮᠦᠨᠯᠢᠭ ᠦᠨ ᠤᠬᠠᠭᠠᠨ ᠤ ᠰᠤᠷᠭᠠᠭᠤᠯᠢ ᠢᠢᠨ ᠵᠥᠪᠯᠡᠬᠦ ᠫᠷᠣᠹᠧᠰᠰᠤᠷ ᠴᠠᠭᠠᠨ ᠤ ᠪᠠᠰᠠᠩᠳᠣᠷᠵᠢ᠂

• ᠮᠣᠩ᠋ᠭᠤᠯ ᠤᠯᠤᠰ ᠤᠨ ᠶᠡᠬᠡ ᠰᠤᠷᠭᠠᠭᠤᠯᠢ ᠤᠨ ᠰᠢᠨᠵᠢᠯᠡᠬᠦ ᠤᠬᠠᠭᠠᠨ ᠤ ᠰᠤᠷᠭᠠᠭᠤᠯᠢ ᠢᠢᠨ ᠬᠦᠮᠦᠨᠯᠢᠭ ᠦᠨ ᠤᠬᠠᠭᠠᠨ ᠤ ᠰᠠᠯᠪᠤᠷᠢ ᠢᠢᠨ ᠠᠽᠢ ᠰᠤᠳᠤᠯᠤᠯ ᠤᠨ ᠲᠢᠩᠬᠢᠮ ᠦᠨ ᠳ᠋ᠣᠻᠲ᠋ᠤᠷ᠂ ᠳᠡᠳ᠋ ᠫᠷᠣᠹᠧᠰᠰᠤᠷ ᠲᠠᠩᠭ᠋᠎ᠠ ᠢᠢᠨ ᠮᠥᠩᠬᠡᠴᠡᠴᠡᠭ᠂

ᠰᠣᠶᠤᠯ ᠤᠨ ᠭᠠᠪᠢᠶᠠᠲᠤ ᠵᠢᠳᠬᠦᠯᠲᠡᠨ ᠴᠣᠯᠠ ᠪᠠᠷ:

• ᠮᠣᠩ᠋ᠭᠤᠯ ᠤᠨ ᠪᠤᠷᠬᠠᠨ ᠱᠠᠰᠢᠨᠲᠠᠨ ᠤ ᠲᠥᠪ ᠭᠠᠩᠳᠠᠩᠲᠦᠭᠴᠢᠩᠯᠢᠩ ᠬᠡᠢᠢᠳ ᠦᠨ ᠪᠠᠳᠮ ᠠ-ᠶᠣᠭ᠎ᠠ ᠳᠠᠴᠠᠩ ᠤᠨ ᠯᠣᠪᠤᠨ ᠯᠠᠮᠠ᠂ ᠭᠠᠪᠵᠤ ᠴᠣᠭᠲᠤᠸᠴᠢᠷ ᠤᠨ ᠭᠦᠨᠴᠢᠨ-ᠶᠢᠰᠢ᠂

• ᠮᠣᠩ᠋ᠭᠤᠯ ᠪᠥᠬᠡ ᠢᠢᠨ ᠥᠷᠭᠦᠭᠡᠨ ᠦ ᠶᠡᠷᠦᠩᠬᠡᠶ ᠮᠧᠨᠧᠵᠧᠷ ᠴᠡᠳᠡ ᠢᠢᠨ ᠴᠡᠪᠡᠯᠮ ᠠ᠂

ᠤᠷᠠᠯᠢᠭ ᠤᠨ ᠭᠠᠪᠢᠶᠠᠲᠤ ᠵᠢᠳᠬᠦᠯᠲᠡᠨ ᠴᠣᠯᠠ ᠪᠠᠷ:

• ᠴᠢᠯᠦᠭᠡᠲᠦ ᠤᠷᠠᠨ ᠪᠦᠲᠦᠭᠡᠯᠴᠢ᠂ ᠮᠣᠷᠢᠨ ᠬᠤᠭᠤᠷ ᠬᠥᠭ᠍ᠵᠢᠮ ᠦᠨ ᠪᠠᠭᠰᠢ ᠪᠣᠯᠤᠳ ᠤᠨ ᠡᠩᠬᠡᠪᠣᠯᠤᠳ᠂

ᠭᠠᠪᠢᠶᠠᠲᠤ ᠵᠦᠵᠦᠭᠡᠴᠢᠨ ᠴᠣᠯᠠ ᠪᠠᠷ:

• ᠤᠯᠤᠰ ᠤᠨ ᠳ᠋ᠷᠠᠮ ᠤᠨ ᠡᠷᠳᠡᠮ ᠦᠨ ᠲᠢᠶᠠᠲ᠋ᠷ ᠤᠨ ᠵᠦᠵᠦᠭᠡᠴᠢᠨ ᠣᠳᠬᠠᠨ ᠤ ᠭᠡᠷᠡᠯᠰᠦ᠋ᠬᠡ᠂

ᠭᠠᠪᠢᠶᠠᠲᠤ ᠲᠠᠷᠢᠶᠠᠯᠠᠩᠴᠢ ᠴᠣᠯᠠ ᠪᠠᠷ:

• «ᠠᠯᠳᠠᠷ ᠲᠤᠯᠭ᠎ᠠ» ᠬᠢᠵᠠᠭᠠᠷᠯᠠᠭᠳᠠᠮᠠᠯ ᠬᠠᠷᠢᠭᠤᠴᠠᠯᠭᠠᠲᠠᠢ ᠻᠣᠮᠫᠠᠨᠢ ᠢᠢᠨ ᠵᠠᠬᠢᠷᠤᠯ᠂ ᠤᠯᠤᠰ ᠤᠨ ᠲᠡᠷᠢᠭᠦᠨ ᠦ ᠲᠠᠷᠢᠶᠠᠯᠠᠩᠴᠢ ᠪᠠᠭᠠᠰᠤᠲᠤ ᠢᠢᠨ ᠨᠠᠢᠢᠳᠠᠨ᠂

ᠦᠢᠯᠡᠴᠢᠯᠡᠭᠡᠨ ᠦ ᠭᠠᠪᠢᠶᠠᠲᠤ ᠠᠵᠢᠯᠲᠠᠨ ᠴᠣᠯᠠ ᠪᠠᠷ:

• «ᠴᠡᠭᠡᠭ᠌» ᠬᠢᠵᠠᠭᠠᠷᠯᠠᠭᠳᠠᠮᠠᠯ ᠬᠠᠷᠢᠭᠤᠴᠠᠯᠭᠠᠲᠠᠢ ᠻᠣᠮᠫᠠᠨᠢ ᠢᠢᠨ ᠵᠠᠬᠢᠷᠤᠯ ᡀᠠᠭᠪᠠ ᠢᠢᠨ ᠴᠡᠷᠢᠩᠳᠣᠷᠵᠢ᠂

• ᠬᠣᠪᠳᠤ ᠠᠢᠢᠮᠠᠭ ᠤᠨ ᠲᠥᠷᠦ᠂ ᠵᠠᠬᠢᠷᠭᠠᠨ ᠤ ᠪᠠᠢᠢᠭᠤᠯᠤᠯᠭ᠎ᠠ ᠢᠢᠨ ᠠᠬᠠᠮᠠᠳ ᠠᠵᠢᠯᠲᠠᠨ ᠪᠤᠶᠠᠨᠳᠡᠯᠭᠡᠷ ᠦᠨ ᠰᠠᠢᠢᠨᠪᠠᠶᠠᠷ᠂

• ᠲᠥᠷᠦ᠂ ᠵᠠᠬᠢᠷᠭᠠᠨ ᠤ ᠪᠠᠢᠢᠭᠤᠯᠤᠯᠭ᠎ᠠ ᠢᠢᠨ ᠠᠬᠠᠮᠠᠳ ᠠᠵᠢᠯᠲᠠᠨ ᠯᠢᠶᠦ᠋ᠪᠠ ᠢᠢᠨ ᠡᠷᠳᠡᠨᠢᠴᠢᠯᠠᠭᠤᠨ᠂

ᠬᠥᠳᠡᠯᠮᠦᠷᠢ ᠢᠢᠨ ᠭᠠᠪᠢᠶᠠᠨ ᠤ ᠤᠯᠠᠭᠠᠨ ᠲᠤᠭ ᠤᠨ ᠣᠳᠣᠨ ᠢᠢᠠᠷ:

• ᠨᠡᠢᠢᠲᠡ ᠢᠢᠨ ᠲᠡᠭᠡᠭᠡᠪᠦᠷᠢ ᠢᠢᠨ ᠰᠠᠯᠪᠤᠷᠢ ᠢᠢᠨ ᠠᠬᠠᠮᠠᠳ ᠠᠵᠢᠯᠲᠠᠨ ᠳᠠᠮᠳᠢᠨᠰᠦ᠋ᠷᠦᠩ ᠦᠨ ᠡᠩᠬᠡᠪᠠᠶᠠᠷ᠂

• ᠳᠣᠷᠣᠨᠠᠭᠣᠪᠢ ᠠᠢᠢᠮᠠᠭ ᠤᠨ ᠤᠯᠠᠭᠠᠨᠪᠠᠳᠠᠷᠠᠬᠤ ᠰᠤᠮᠤ ᠢᠢᠨ ᠮᠠᠯᠴᠢᠨ ᠵᠠᠮᠶᠠᠩᠰᠦ᠋ᠷᠦᠩ ᠦᠨ ᠪᠠᠭᠠᠲᠤᠷᠰᠠᠭᠤᠷᠢ᠂

ᠠᠯᠲᠠᠨ ᠭᠠᠳᠠᠰᠤ ᠣᠳᠣᠨ ᠢᠢᠠᠷ:

• ᠮᠣᠩ᠋ᠭᠤᠯ ᠤᠨ ᠬᠡᠦᠬᠡᠳ ᠦᠨ ᠣᠷᠳᠣᠨ ᠤ ᠪᠦᠵᠢᠭ᠌ ᠦᠨ ᠪᠠᠭᠰᠢ ᠪᠠᠳᠢᠷᠴᠢ ᠢᠢᠨ ᠪᠣᠯᠤᠷᠲᠤᠶᠠᠭ᠎ᠠ᠂

• ᠮᠣᠩ᠋ᠭᠤᠯ ᠭᠡᠷ᠂ ᠭᠡᠷ ᠦᠨ ᠢᠵᠢ ᠪᠦᠷᠢᠳᠦᠯ ᠦᠢᠯᠡᠳᠪᠦᠷᠢᠯᠡᠭᠴᠢᠳ ᠦᠨ ᠬᠣᠯᠪᠤᠭᠠᠨ ᠤ ᠭᠡᠰᠢᠭᠦᠨ᠂ ᠣᠶᠣᠳᠠᠯᠴᠢᠨ ᠡᠷᠳᠡᠨᠢ ᠢᠢᠨ ᠣᠳᠤᠨᠲᠤᠶᠠᠭ᠎ᠠ᠂

• «ᠰᠦᠯᠳᠡ» ᠵᠡᠷᠯᠢᠭ ᠠᠮᠢᠲᠠᠨ ᠬᠠᠮᠠᠭᠠᠯᠠᠬᠤ ᠦᠨᠳᠦᠰᠦᠨ ᠦ ᠨᠡᠢᠢᠭᠡᠮᠯᠢᠭ᠌ ᠦᠨ ᠲᠡᠷᠢᠭᠦᠨ ᠳᠠᠮᠳᠢᠨᠰᠦ᠋ᠷᠦᠩ ᠦᠨ ᠮᠥᠩᠬᠡᠪᠠᠲᠤ᠂

• «ᠨᠣᠮᠢᠨ ᠬᠣᠯᠳᠢᠩ» ᠬᠢᠵᠠᠭᠠᠷᠯᠠᠭᠳᠠᠮᠠᠯ ᠬᠠᠷᠢᠭᠤᠴᠠᠯᠭᠠᠲᠠᠢ ᠻᠣᠮᠫᠠᠨᠢ ᠢᠢᠨ ᠭᠦᠢᠴᠡᠳᠬᠡᠬᠦ ᠵᠠᠬᠢᠷᠤᠯ ᠶᠠᠩᠰᠠᠩᠵᠠᠪ ᠤᠨ ᠨᠠᠸᠠᠩ᠂

• ᠮᠣᠲ᠋ᠣᠰᠫᠣᠷᠲ᠋ ᠤᠨ ᠣᠯᠠᠨ ᠤᠯᠤᠰ ᠤᠨ ᠬᠡᠮᠵᠢᠶᠡᠨ ᠦ ᠮᠠᠰᠲ᠋ᠧᠷ ᠪᠣᠯᠤᠳᠪᠠᠭᠠᠲᠤᠷ ᠤᠨ ᠭᠠᠩ-ᠣᠳᠤ᠂

• «ᠸᠴᠢᠷᠨᠢᠮ ᠠ» ᠬᠢᠵᠠᠭᠠᠷᠯᠠᠭᠳᠠᠮᠠᠯ ᠬᠠᠷᠢᠭᠤᠴᠠᠯᠭᠠᠲᠠᠢ ᠻᠣᠮᠫᠠᠨᠢ ᠢᠢᠨ ᠭᠦᠢᠴᠡᠳᠬᠡᠬᠦ ᠵᠠᠬᠢᠷᠤᠯ ᠴᠢᠯᠠᠭᠤᠨᠪᠠᠭᠠᠲᠤᠷ ᠤᠨ ᠪᠠᠶᠠᠷᠰᠤᠮᠢᠶ ᠠ᠂

ᠬᠥᠳᠡᠯᠮᠦᠷᠢ ᠢᠢᠨ ᠬᠦᠨᠳᠦᠲᠦ ᠮᠧᠳᠠᠯᠢ ᠪᠠᠷ:

• ᠪᠠᠲᠤᠯᠠᠨ ᠬᠠᠮᠠᠭᠠᠯᠠᠬᠤ ᠶᠠᠮᠤᠨ ᠤ ᠭᠠᠳᠠᠭᠠᠳᠤ ᠬᠠᠮᠲᠤ ᠢᠢᠨ ᠠᠵᠢᠯᠯᠠᠭᠠᠨ ᠤ ᠭᠠᠵᠠᠷ ᠤᠨ ᠰᠢᠨᠵᠢᠭᠡᠴᠢ ᠡᠩᠬᠡᠪᠠᠶᠠᠷ ᠤᠨ ᠲᠡᠯᠡᠮᠦᠨ᠂

• «ᠮᠥᠩᠬᠡ ᠭᠠᠩ ᠤᠨᠳᠤᠷᠭ᠎ᠠ» ᠬᠢᠵᠠᠭᠠᠷᠯᠠᠭᠳᠠᠮᠠᠯ ᠬᠠᠷᠢᠭᠤᠴᠠᠯᠭᠠᠲᠠᠢ ᠻᠣᠮᠫᠠᠨᠢ ᠢᠢᠨ ᠮᠧᠨᠧᠵᠧᠷ ᠭᠠᠩᠪᠠᠭᠠᠲᠤᠷ ᠤᠨ ᠬᠣᠣᠰᠪᠠᠶᠠᠷ ᠨᠠᠷ ᠢ ᠱᠠᠩᠨᠠᠯ᠎ᠠ᠃

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠲᠥᠷᠦ ᠢᠢᠨ ᠳᠡᠭᠡᠳᠦ ᠴᠣᠯᠠ᠂ ᠣᠳᠣᠨ᠂ ᠮᠧᠳᠠᠯᠢ ᠬᠦᠷᠲᠡᠭᠰᠡᠨ ᠡᠷᠬᠢᠮ ᠦᠳ ᠲᠦ ᠪᠣᠯᠤᠨ ᠲᠡᠳᠡᠨ ᠦ ᠭᠡᠷ ᠪᠦᠯᠦ᠂ ᠬᠠᠮᠲᠤ ᠣᠯᠠᠨ ᠳᠤ ᠪᠠᠶᠠᠷ ᠬᠦᠷᠭᠡᠵᠦ᠂ ᠰᠠᠷ᠎ᠠ ᠰᠢᠨ᠎ᠡ ᠳᠦ ᠪᠡᠨ ᠰᠠᠢᠢᠬᠠᠨ ᠰᠢᠨᠡᠯᠡᠬᠦ ᠢᠢ ᠬᠦᠰᠦᠨ ᠢᠷᠦᠭᠡᠯ᠎ᠡ᠃