ᠡᠷᠬᠢᠮ ᠬᠦᠨᠳᠦᠲᠦ ᠠᠷᠠᠳ ᠢᠷᠭᠡᠳ ᠡ᠂
ᠡᠯᠢᠭᠡ ᠨᠢᠭᠡᠲᠦ ᠮᠣᠩ᠋ᠭᠤᠯ ᠠᠬᠠᠨ ᠳᠡᠭᠦᠰ ᠡ᠂
ᠲᠠ ᠪᠦᠬᠦᠨ ᠳᠥ ᠪᠡᠨ XVII ᠵᠢᠷᠠᠨ ᠤ «ᠡᠯᠳᠡᠪ ᠡᠷᠳᠡᠨᠢᠲᠦ» ᠬᠡᠮᠡᠬᠦ ᠮᠣᠳᠤᠨ ᠮᠣᠭᠠᠶ ᠵᠢᠯ ᠦᠨ ᠰᠠᠷ᠎ᠠ ᠰᠢᠨ᠎ᠡ ᠢᠢᠨ ᠪᠠᠶᠠᠷ ᠤᠨ ᠮᠡᠨᠳᠦ ᠢᠢ ᠡᠷᠭᠦᠨ ᠳᠡᠪᠰᠢᠭᠦᠯᠦᠶ ᠡ᠃
ᠲᠥᠷᠦᠲᠦ ᠶᠣᠰᠤᠨ ᠤ ᠤᠯᠠᠮᠵᠢᠯᠠᠯ᠂ ᠲᠦᠮᠡᠨ ᠣᠯᠠᠨ ᠤ ᠵᠠᠩᠰᠢᠯ ᠢᠶᠠᠷ ᠪᠤᠭᠤᠷᠤᠯ ᠵᠢᠯ ᠢᠢᠡᠨ ᠦᠳᠡᠵᠦ᠂ ᠪᠤᠶᠠᠨᠲᠤ ᠵᠢᠯ ᠢᠢᠡᠨ ᠤᠭᠲᠤᠬᠤ ᠪᠠᠷ ᠦᠭᠡ ᠢᠢᠨ ᠰᠠᠢᠢᠨ ᠢ ᠬᠡᠯᠡᠯᠴᠡᠨ᠂ ᠦᠢᠯᠡ ᠢᠢᠨ ᠰᠠᠢᠢᠨ ᠢ ᠤᠷᠠᠯᠠᠵᠤ᠂ ᠠᠰᠢᠳᠠ ᠢᠢᠨ ᠢᠷᠦᠭᠡᠯ ᠢᠢᠡᠨ ᠪᠡᠯᠭᠡᠳᠡᠨ᠂ ᠬᠠᠲᠠᠭᠤ ᠡᠪᠦᠯ ᠢ ᠡᠩᠬᠡ ᠳᠠᠪᠠᠵᠤ᠂ ᠬᠠᠪᠤᠷ ᠤᠨ ᠤᠷᠢ ᠲᠠᠢ ᠮᠡᠨᠳᠦ ᠵᠣᠯᠭᠠᠵᠤ ᠪᠤᠢ ᠬᠣᠲᠠᠯᠠ ᠣᠯᠠᠨ ᠲᠠ ᠪᠦᠬᠦᠨ ᠮᠢᠨᠢ ᠰᠠᠷ᠎ᠠ ᠰᠢᠨ᠎ᠡ ᠳᠥ ᠪᠡᠨ ᠰᠠᠢᠢᠬᠠᠨ ᠰᠢᠨᠡᠯᠡᠵᠦ ᠪᠠᠢᠢᠨ᠎ᠠ ᠤᠤ?
ᠮᠣᠩ᠋ᠭᠤᠯᠴᠤᠳ ᠪᠢᠳᠡ ᠡᠷᠲᠡ ᠳᠡᠭᠡᠷ᠎ᠡ ᠦᠶ᠎ᠡ ᠡᠴᠡ ᠡᠴᠢᠭᠡ ᠲᠩᠷᠢ᠂ ᠡᠬᠡ ᠳᠡᠯᠡᠬᠡᠶ᠂ ᠠᠭᠤᠯᠠ ᠤᠰᠤᠨ ᠳᠤ ᠪᠠᠨ ᠰᠦᠰᠦᠯᠦᠨ ᠵᠠᠯᠪᠠᠷᠢᠵᠤ᠂ ᠣᠳᠤ ᠡᠷᠬᠢᠰ᠂ ᠣᠷᠴᠢᠬᠤ ᠭᠠᠷᠠᠭ ᠤᠳ ᠢ ᠠᠵᠢᠨ ᠰᠢᠨᠵᠢᠵᠦ᠂ ᠠᠬᠤᠶ ᠠᠮᠢᠳᠤᠷᠠᠯ᠂ ᠠᠵᠢᠯ ᠦᠢᠯᠡᠰ ᠢᠢᠡᠨ ᠲᠠᠭᠠᠴᠠᠭᠤᠯᠤᠨ ᠨᠡᠢᠢᠴᠡᠭᠦᠯᠵᠦ᠂ ᠰᠠᠷ᠎ᠠ ᠰᠢᠨ᠎ᠡ ᠪᠡᠨ ᠶᠣᠰᠤᠯᠠᠯ ᠲᠡᠭᠦᠯᠳᠡᠷ ᠲᠡᠮᠳᠡᠭᠯᠡᠨ᠂ ᠠᠬᠠᠰ ᠶᠡᠬᠡᠰ ᠢᠢᠡᠨ ᠬᠦᠨᠳᠦᠳᠬᠡᠨ᠂ ᠲᠥᠷᠦ ᠤᠯᠤᠰ᠂ ᠲᠦᠮᠡᠨ ᠣᠯᠠᠨ ᠢᠶᠠᠷ ᠢᠶᠠᠨ ᠤᠴᠠᠷᠠᠨ ᠵᠣᠯᠭᠠᠵᠤ ᠢᠷᠡᠭᠰᠡᠨ ᠰᠠᠢᠢᠬᠠᠨ ᠤᠯᠠᠮᠵᠢᠯᠠᠯ ᠲᠠᠢ ᠠᠷᠠᠳ ᠲᠦᠮᠡᠨ ᠪᠢᠯᠡ᠃
ᠾᠦᠩᠨᠦ ᠭᠦᠷᠦᠨ ᠡᠴᠡ ᠬᠦᠨᠳᠦᠳᠬᠡᠨ ᠶᠤᠰᠤᠯᠠᠵᠤ ᠢᠷᠡᠭᠰᠡᠨ ᠮᠣᠩ᠋ᠭᠤᠯ ᠤᠨ ᠴᠠᠭᠠᠨ ᠰᠠᠷ᠎ᠠ ᠪᠣᠯ ᠮᠣᠩ᠋ᠭᠤᠯ ᠦᠨᠳᠦᠰᠦᠲᠡᠨ ᠦ ᠰᠢᠨ᠎ᠡ ᠣᠨ ᠤ ᠪᠠᠶᠠᠷ᠂ ᠬᠦᠮᠦᠨ ᠪᠦᠷᠢ ᠨᠠᠰᠤ ᠨᠡᠮᠡᠭᠰᠡᠨ ᠦ ᠪᠠᠶᠠᠷ᠂ ᠤᠷᠭᠤᠨ ᠲᠥᠯᠵᠢᠬᠦ ᠢᠢᠨ ᠡᠬᠢ᠂ ᠤᠷᠢᠨ ᠬᠠᠪᠤᠷ ᠲᠠᠢ ᠵᠣᠯᠭᠠᠵᠤ ᠪᠤᠢ ᠮᠣᠩ᠋ᠭᠤᠯ ᠲᠦᠮᠡᠨ ᠦ ᠪᠠᠶᠠᠷ ᠶᠤᠮ᠃
ᠰᠠᠷ᠎ᠠ ᠰᠢᠨ᠎ᠡ ᠢᠢᠨ ᠪᠠᠶᠠᠷ ᠪᠣᠯ ᠤᠷᠤᠭ ᠲᠥᠷᠦᠯ ᠢᠢᠡᠨ ᠲᠠᠨᠢᠵᠤ᠂ ᠤᠭᠰᠠᠭ᠎ᠠ ᠭᠠᠷᠤᠯ ᠢᠢᠠᠨ ᠮᠡᠳᠡᠵᠦ᠂ ᠲᠥᠷᠦ ᠤᠯᠤᠰ᠂ ᠲᠡᠦᠬᠡ ᠰᠣᠶᠣᠯ ᠢᠢᠠᠨ ᠳᠡᠭᠡᠳᠦᠯᠡᠭᠰᠡᠨ᠂ ᠮᠣᠩ᠋ᠭᠤᠯ ᠦᠨᠳᠦᠰᠦᠲᠡᠨ ᠦ ᠬᠣᠣᠰ ᠦᠭᠡᠢ ᠦᠨᠡᠲᠦ ᠥᠪ᠂ ᠵᠠᠩ ᠵᠠᠩᠰᠢᠯ᠂ ᠡᠪ ᠡᠶ᠎ᠡ ᠢᠢᠨ ᠢᠯᠡᠷᠬᠡᠢᠢᠯᠡᠯ ᠪᠣᠯᠤᠭᠰᠠᠨ ᠦᠨᠳᠦᠰᠦᠨ ᠦ ᠶᠡᠬᠡ ᠪᠠᠶᠠᠷ ᠶᠣᠰᠤᠯᠠᠯ ᠪᠢᠯᠡ᠃
ᠡᠷᠬᠢᠮ ᠬᠦᠨᠳᠦᠲᠦ ᠠᠷᠠᠳ ᠢᠷᠭᠡᠳ ᠡ᠂
ᠤᠯᠠᠷᠢᠨ ᠣᠳᠴᠤ ᠪᠤᠢ ᠮᠣᠳᠤᠨ ᠯᠤᠤ ᠵᠢᠯ ᠳᠥ ᠲᠥᠷᠦ ᠢᠢᠨ ᠲᠤᠯᠭᠠᠭᠤᠷᠢ᠂ ᠤᠯᠤᠰ ᠤᠨ ᠦᠨᠳᠦᠰᠦ ᠪᠣᠯᠤᠭᠰᠠᠨ ᠠᠢᠢᠯ ᠡᠷᠦᠬᠡ ᠨᠦᠭᠦᠳ ᠮᠠᠨᠢ 60 ᠭᠠᠷᠤᠶ ᠮᠢᠩ᠋ᠭᠠᠨ ᠦᠷ᠎ᠡ ᠬᠡᠦᠬᠡᠳ ᠢᠶᠡᠷ ᠠᠮᠠ ᠪᠦᠯᠦ ᠨᠡᠮᠡᠵᠦ᠂ ᠮᠣᠩ᠋ᠭᠤᠯᠴᠤᠳ ᠪᠢᠳᠡ 3 ᠰᠠᠶ᠎ᠠ 550 ᠮᠢᠩᠭ᠋ᠠᠭᠤᠯ ᠢᠢᠠᠨ ᠪᠣᠯᠤᠯ᠎ᠠ᠃
ᠮᠠᠯᠴᠢᠨ᠂ ᠲᠠᠷᠢᠶᠠᠯᠠᠩᠴᠢ ᠲᠦᠮᠡᠨ ᠦ ᠮᠠᠨᠢ ᠬᠦᠴᠦ ᠬᠥᠳᠡᠯᠮᠦᠷᠢ᠂ ᠬᠢᠴᠢᠶᠡᠯ ᠵᠢᠳᠬᠦᠯ᠂ ᠬᠠᠩ᠋ᠭᠠᠢ ᠳᠡᠯᠡᠬᠡᠢ ᠢᠢᠨ ᠪᠤᠶᠠᠨ ᠬᠡᠰᠢᠭ᠌ ᠢᠶᠡᠷ ᠡᠷᠳᠡᠨᠢᠲᠦ ᠮᠠᠯ ᠰᠦᠷᠦᠭ ᠦᠨ ᠲᠣᠭ᠎ᠠ ᠲᠣᠯᠤᠭᠠᠶ 57 ᠰᠠᠶ᠎ᠠ ᠪᠠᠷ ᠲᠣᠭᠠᠯᠠᠭᠳᠠᠵᠤ᠂ 970 ᠭᠠᠷᠤᠶ ᠮᠢᠩ᠋ᠭᠠᠨ ᠲᠣᠨᠠ ᠤᠷᠭᠤᠴᠠ ᠬᠤᠷᠢᠶᠠᠨ ᠠᠪᠤᠯ᠎ᠠ᠃
ᠮᠥᠨ ᠮᠠᠨ ᠤ ᠤᠯᠤᠰ ᠤᠨ ᠡᠳ᠋ ᠦᠨ ᠵᠠᠰᠠᠭ 5 ᠬᠤᠪᠢ ᠪᠠᠷ ᠥᠰᠴᠦ᠂ ᠭᠠᠳᠠᠭᠠᠳᠤ ᠬᠤᠳᠠᠯᠳᠤᠭ᠎ᠠ᠂ ᠬᠥᠷᠦᠩ᠋ᠭᠡ ᠣᠷᠤᠭᠤᠯᠤᠯᠲᠠ ᠨᠡᠮᠡᠭᠳᠡᠵᠦ᠂ ᠡᠻᠰᠫᠣᠷᠲ᠂ ᠭᠠᠳᠠᠭᠠᠳᠤ ᠸᠠᠯᠦ᠋ᠲ᠋ᠠ ᠢᠢᠨ ᠨᠥᠭᠡᠴᠡ ᠲᠡᠦᠬᠡᠨ ᠳᠡᠭᠡᠳᠦ ᠬᠡᠮᠵᠢᠶᠡᠨ ᠳᠥ ᠬᠦᠷᠴᠦ᠂ ᠤᠯᠤᠰ ᠤᠨ ᠲᠥᠰᠦᠪ ᠠᠰᠢᠭ ᠲᠠᠢ ᠭᠠᠷᠴᠤ᠂ ᠰᠲ᠋ᠷᠠᠲ᠋ᠧᠭᠢ ᠢᠢᠨ ᠠᠴᠢ ᠬᠣᠯᠪᠤᠭᠳᠠᠯ ᠪᠦᠬᠦᠢ ᠬᠥᠭ᠍ᠵᠢᠯ ᠦᠨ ᠲᠣᠮᠣᠬᠠᠨ ᠮᠧᠭ᠎ᠠ ᠲᠥᠰᠦᠯ ᠦᠳ ᠬᠡᠷᠡᠭᠵᠢᠵᠦ ᠡᠬᠢᠯᠡᠯ᠎ᠡ᠃
ᠰᠦᠷ ᠬᠦᠴᠦᠨ ᠦ ᠪᠡᠯᠭᠡᠳᠡᠯ ᠯᠤᠤ ᠵᠢᠯ ᠮᠠᠨ ᠤ ᠤᠯᠤᠰ ᠤᠨ ᠭᠠᠳᠠᠭᠠᠳᠤ ᠪᠣᠳᠤᠯᠭ᠎ᠠ᠂ ᠭᠠᠳᠠᠭᠠᠳᠤ ᠬᠠᠷᠢᠯᠴᠠᠭ᠎ᠠ ᠣᠯᠠᠨ ᠤᠯᠤᠰ ᠤᠨ ᠲᠠᠪᠴᠠᠩ ᠳᠤ ᠤᠯᠠᠮ ᠥᠷᠭᠡᠵᠢᠨ ᠪᠡᠬᠢᠵᠢᠵᠦ᠂ ᠲᠡᠦᠬᠡᠨ ᠳᠥ ᠲᠣᠳᠤ ᠪᠠᠷ ᠪᠢᠴᠢᠭᠳᠡᠨ ᠦᠯᠡᠳᠡᠬᠦ ᠲᠥᠷᠦ ᠢᠢᠨ ᠥᠨᠳᠦᠷ ᠳᠡᠭᠡᠳᠦ ᠠᠢᠢᠯᠴᠢᠯᠠᠯ ᠤᠳ ᠠᠮᠵᠢᠯᠲᠠ ᠲᠠᠢ ᠪᠣᠯᠵᠤ᠂ ᠪᠢᠳᠡᠨ ᠦ ᠡᠦᠬᠡ ᠲᠡᠦᠬᠡ᠂ ᠥᠪ ᠰᠣᠶᠤᠯ᠂ ᠵᠠᠩ ᠵᠠᠩᠰᠢᠯ᠂ ᠣᠯᠤᠯᠲᠠ ᠠᠮᠵᠢᠯᠲᠠ ᠢᠢ ᠳᠡᠯᠡᠬᠡᠶ ᠳᠠᠬᠢᠨ ᠳᠤ ᠰᠤᠷᠲᠠᠯᠴᠢᠯᠠᠨ ᠲᠠᠨᠢᠭᠤᠯᠤᠭᠰᠠᠨ᠂ ᠭᠠᠳᠠᠭᠠᠳᠤ ᠬᠠᠷᠢᠯᠴᠠᠭ᠎ᠠ᠂ ᠬᠠᠮᠲᠤ ᠢᠢᠨ ᠠᠵᠢᠯᠯᠠᠭᠠᠨ ᠤ ᠣᠷᠭᠢᠯ ᠵᠢᠯ ᠪᠠᠢᠢᠯ᠎ᠠ᠃
ᠮᠢᠨᠦ ᠮᠣᠩ᠋ᠭᠤᠯ ᠤᠨ ᠠᠷᠠᠳ ᠢᠷᠭᠡᠳ ᠡ᠂
ᠳᠠᠶᠠᠩ ᠳᠡᠯᠡᠬᠡᠶ ᠳᠥ ᠲᠠᠷᠬᠠᠨ ᠰᠠᠭᠤᠭ᠎ᠠ ᠡᠯᠢᠭᠡ ᠨᠢᠭᠡᠲᠦ ᠠᠬᠠᠨ ᠳᠡᠭᠦᠰ ᠡ᠂
ᠶᠡᠬᠡ ᠡᠵᠡᠨ ᠴᠢᠩᠬᠢᠰ ᠬᠠᠭᠠᠨ ᠲᠥᠷᠦ ᠤᠯᠤᠰ ᠤᠨ ᠢᠶᠠᠨ ᠰᠦᠷ ᠬᠦᠴᠦ ᠢᠢ ᠲᠤᠩᠬᠠᠭᠯᠠᠨ ᠵᠠᠷᠯᠠᠵᠤ᠂ ᠬᠠᠪᠤᠷ ᠤᠨ ᠲᠡᠷᠢᠭᠦᠨ ᠪᠠᠷᠰ ᠰᠠᠷ᠎ᠠ ᠢᠢ ᠵᠢᠯ ᠦᠨ ᠡᠬᠢᠨ ᠬᠡᠮᠡᠨ ᠲᠣᠭᠲᠠᠭᠠᠵᠤ᠂ ᠮᠣᠩ᠋ᠭᠤᠯ ᠲᠦᠮᠡᠨ ᠦ ᠡᠷᠲᠡ᠂ ᠡᠳᠦᠭᠡ᠂ ᠢᠷᠡᠭᠡᠳᠦᠶ ᠭᠤᠷᠪᠠᠨ ᠴᠠᠭ ᠤᠨ ᠠᠯᠲᠠᠨ ᠬᠡᠯᠬᠢᠶ᠎ᠡ ᠪᠣᠯᠤᠭᠰᠠᠨ ᠴᠠᠭ ᠲᠣᠭᠠᠯᠠᠯ ᠤᠨ ᠪᠡᠯᠭᠡᠳᠡᠯ ᠴᠠᠭᠠᠨ ᠰᠠᠷ᠎ᠠ ᠢᠢ ᠲᠥᠷᠦᠲᠦ ᠶᠣᠰᠤᠨ ᠤ ᠶᠡᠬᠡ ᠪᠠᠶᠠᠷ ᠶᠣᠰᠤᠯᠠᠯ ᠪᠣᠯᠭᠠᠨ ᠲᠡᠮᠳᠡᠭᠯᠡᠵᠦ᠂ ᠴᠠᠳᠢᠭ ᠲᠡᠦᠬᠡ ᠢᠢ ᠡᠬᠢᠯᠡᠭᠦᠯᠦᠭᠰᠡᠨ ᠲᠡᠦᠬᠡ ᠲᠡᠢ ᠪᠢᠯᠡ᠃
ᠡᠨᠡᠬᠦ ᠲᠥᠷᠦᠲᠦ ᠶᠣᠰᠤᠨ ᠤ ᠶᠡᠬᠡ ᠪᠠᠶᠠᠷ ᠮᠣᠩ᠋ᠭᠤᠯ ᠤᠨ ᠴᠠᠭᠠᠨ ᠰᠠᠷ᠎ᠠ ᠪᠣᠯ ᠮᠣᠩ᠋ᠭᠤᠯᠴᠤᠳ ᠪᠢᠳᠡᠨ ᠦ ᠴᠣᠭ ᠬᠡᠢᠢᠮᠣᠷᠢ ᠢᠢᠨ ᠪᠡᠯᠭᠡᠳᠡᠯ᠂ ᠲᠤᠰᠠᠭᠠᠷ ᠲᠣᠭᠲᠠᠨᠢᠯ᠂ ᠡᠪ ᠨᠢᠭᠡᠳᠦᠯ ᠦᠨ ᠢᠯᠡᠷᠬᠡᠢᠢᠯᠡᠯ᠂ ᠥᠪ ᠰᠣᠶᠤᠯ᠂ ᠦᠨᠡᠲᠦ ᠵᠦᠢᠯ᠂ ᠣᠶᠤᠨ ᠰᠠᠨᠠᠭᠠᠨ ᠤ ᠳᠠᠷᠬᠠᠯᠠᠭ᠎ᠠ ᠶᠤᠮ᠃
ᠲᠡᠢᠢᠮᠦ ᠡᠴᠡ ᠡᠪᠦᠭᠡ ᠳᠡᠭᠡᠳᠦᠰ ᠦᠨ ᠢᠶᠡᠨ ᠠᠤᠭ᠎ᠠ ᠶᠡᠬᠡ ᠲᠡᠦᠬᠡ ᠰᠣᠶᠤᠯ᠂ ᠥᠪ ᠤᠯᠠᠮᠵᠢᠯᠠᠯ᠂ ᠵᠠᠩ ᠵᠠᠩᠰᠢᠯ ᠢ ᠬᠠᠳᠠᠭᠠᠯᠠᠨ ᠬᠠᠮᠠᠭᠠᠯᠠᠵᠤ᠂ ᠲᠦᠭᠡᠭᠡᠨ ᠳᠡᠯᠭᠡᠷᠡᠭᠦᠯᠵᠦ᠂ ᠦᠷ᠎ᠡ ᠬᠣᠢᠢᠴᠢ ᠳᠠᠭᠠᠨ ᠥᠪᠯᠡᠭᠦᠯᠦᠨ ᠦᠯᠡᠳᠡᠭᠡᠬᠦ ᠵᠣᠷᠢᠯᠭ᠎ᠠ ᠪᠠᠷ ᠮᠣᠩ᠋ᠭᠤᠯ ᠤᠯᠤᠰ ᠤᠨ ᠶᠡᠷᠦᠩᠬᠡᠢᠢᠯᠡᠭᠴᠢ ᠡᠵᠡᠨ ᠪᠣᠭᠳᠠ ᠴᠢᠩᠬᠢᠰ ᠬᠠᠭᠠᠨ ᠤ ᠡᠰᠢ ᠬᠥᠷᠦᠭ ᠢ ᠬᠦᠨᠳᠦᠳᠬᠡᠨ ᠵᠠᠯᠠᠬᠤ᠂ ᠡᠷᠲᠡᠨ ᠦ ᠨᠡᠢᠢᠰᠯᠡᠯ ᠬᠠᠷᠠᠬᠣᠷᠤᠮ ᠬᠣᠲᠠ ᠢᠢ ᠰᠡᠷᠭᠦᠭᠡᠨ ᠪᠠᠢᠢᠭᠤᠯᠬᠤ᠂ ᠮᠣᠩ᠋ᠭᠤᠯ ᠲᠦᠮᠡᠨ ᠦ ᠪᠠᠬᠠᠷᠬᠠᠯ ᠮᠣᠷᠢᠨ ᠬᠤᠭᠤᠷ ᠢ ᠡᠷᠬᠢᠮᠯᠡᠨ ᠳᠡᠭᠡᠳᠦᠯᠡᠬᠦ ᠪᠣᠯᠤᠨ ᠮᠣᠩ᠋ᠭᠤᠯ ᠦᠨᠳᠦᠰᠦᠲᠡᠨ ᠦ ᠶᠡᠬᠡ ᠲᠡᠦᠬᠡ ᠢᠢᠨ ᠢᠵᠢ ᠪᠦᠷᠢᠨ 30 ᠪᠣᠲᠢ ᠨᠣᠮ ᠢ ᠰᠢᠨ᠎ᠡ ᠪᠡᠷ ᠪᠦᠲᠦᠭᠡᠬᠦ ᠲᠤᠬᠠᠶ ᠵᠠᠷᠯᠢᠭ ᠭᠠᠷᠭᠠᠭᠰᠠᠨ ᠢ ᠪᠠᠶᠠᠷ ᠤᠨ ᠡᠨᠡ ᠡᠳᠦᠷ ᠲᠡᠮᠳᠡᠭᠯᠡᠨ ᠬᠡᠯᠡᠬᠦ ᠳᠥ ᠲᠠᠭᠠᠲᠠᠢ ᠪᠠᠢᠢᠨ᠎ᠠ᠃
ᠲᠡᠭᠦᠨᠴᠢᠯᠡᠨ ᠡᠬᠢ ᠲᠡᠦᠬᠡ ᠪᠡᠨ ᠰᠤᠳᠤᠯᠤᠨ ᠰᠢᠨᠵᠢᠯᠡᠵᠦ᠂ ᠠᠷᠠᠳ ᠲᠦᠮᠡᠨ ᠦᠨ ᠢᠶᠡᠨ ᠬᠦᠷᠲᠡᠭᠡᠯ ᠪᠣᠯᠭᠠᠬᠤ ᠡᠭᠦᠳᠡ ᠡᠴᠡ «ᠮᠣᠩ᠋ᠭᠤᠯ ᠤᠨ ᠨᠢᠭᠤᠴᠠ ᠲᠣᠪᠴᠢᠶᠠᠨ» ᠢ ᠳᠡᠯᠭᠡᠷᠡᠩ᠋ᠭᠦᠶ ᠲᠠᠢᠢᠯᠪᠤᠷᠢ ᠲᠣᠯᠢ ᠪᠢᠴᠢᠭ᠌ ᠢ ᠠᠩᠬ᠎ᠠ ᠤᠳᠠᠭ᠎ᠠ ᠪᠦᠲᠦᠭᠡᠵᠦ᠂ «ᠴᠢᠩᠬᠢᠰ ᠬᠠᠭᠠᠨ-ᠮᠣᠩ᠋ᠭᠤᠯᠴᠤᠳ ᠳᠡᠯᠡᠬᠡᠶ ᠢᠢ ᠥᠭᠡᠷᠡᠴᠢᠯᠡᠭᠰᠡᠨ ᠨᠢ» ᠣᠯᠠᠨ ᠤᠯᠤᠰ ᠤᠨ ᠦᠵᠡᠰᠬᠦᠯᠡᠩ ᠪᠣᠯᠤᠨ ᠮᠣᠩ᠋ᠭᠤᠯ ᠤᠯᠤᠰ ᠤᠨ ᠰᠣᠶᠤᠯ ᠤᠨ ᠡᠯᠴᠢ «ᠮᠣᠷᠢᠨ ᠬᠤᠭᠤᠷ ᠨᠠᠢᠢᠷᠠᠯ ᠬᠥᠭ᠍ᠵᠢᠮ» ᠦᠨ ᠲᠣᠭᠯᠠᠯᠲᠠ ᠢᠢ ᠳᠡᠯᠡᠬᠡᠢ ᠢᠢᠨ ᠤᠯᠤᠰ ᠣᠷᠤᠨ ᠨᠤᠭᠤᠳ ᠲᠤ ᠲᠣᠯᠢᠯᠠᠭᠤᠯᠤᠨ᠂ ᠡᠬᠢ ᠲᠡᠦᠬᠡ᠂ ᠥᠪ ᠰᠣᠶᠣᠯ ᠢᠢᠠᠨ ᠳᠡᠯᠡᠬᠡᠶ ᠳᠠᠬᠢᠨ ᠳᠤ ᠰᠤᠷᠲᠠᠯᠴᠢᠯᠠᠨ ᠲᠠᠨᠢᠭᠤᠯᠵᠤ ᠪᠠᠢᠢᠭ᠎ᠠ ᠪᠢᠯᠡ᠃
ᠲᠡᠭᠡᠪᠡᠯ ᠡᠨᠡᠬᠦ ᠰᠠᠷ᠎ᠠ ᠰᠢᠨ᠎ᠡ ᠢᠢᠨ ᠪᠠᠶᠠᠷ ᠢᠶᠠᠷ «ᠴᠢᠩᠬᠢᠰ ᠬᠠᠭᠠᠨ» ᠦᠨᠳᠦᠰᠦᠨ ᠦ ᠮᠦᠽᠧᠶ ᠳᠥ ᠶᠡᠬᠡ ᠡᠵᠡᠨ ᠴᠢᠩᠬᠢᠰ ᠬᠠᠭᠠᠨ ᠤ ᠠᠯᠲᠠᠨ ᠬᠥᠰᠢᠶ᠎ᠡ᠂ ᠰᠢᠲᠦᠭᠡᠨ ᠶᠡᠬᠡ ᠴᠠᠭᠠᠨ ᠲᠤᠭ᠂ ᠲᠥᠷᠦ ᠢᠢᠨ ᠬᠠᠰᠪᠤᠤ ᠲᠠᠮᠠᠭ᠎ᠠ ᠢᠢ ᠬᠦᠨᠳᠦᠳᠬᠡᠨ ᠵᠠᠯᠠᠵᠤ᠂ ᠶᠡᠬᠡ ᠬᠠᠭᠠᠨ ᠤ ᠥᠷᠭᠦᠭᠡ ᠢᠢ ᠠᠷᠠᠳ ᠲᠦᠮᠡᠨ ᠳᠥ ᠪᠡᠨ ᠶᠣᠰᠤᠯᠠᠯ ᠲᠡᠭᠦᠯᠳᠡᠷ ᠨᠡᠭᠡᠭᠡᠵᠦ ᠪᠠᠢᠢᠨ᠎ᠠ᠃
ᠮᠥᠨ ᠮᠢᠩ᠋ᠭᠠᠨ ᠵᠢᠯ ᠦᠨ ᠲᠡᠦᠬᠡ ᠲᠡᠢ᠂ ᠡᠵᠡᠨ ᠪᠣᠭᠳᠠ ᠴᠢᠩᠬᠢᠰ ᠬᠠᠭᠠᠨ ᠤ ᠡᠷᠬᠡᠲᠦ ᠲᠥᠷᠦ ᠢᠢᠨ ᠠᠯᠲᠠᠨ ᠠᠷᠭᠠᠮᠵᠢ ᠪᠣᠯᠤᠭᠰᠠᠨ ᠪᠣᠰᠤᠭ᠎ᠠ ᠮᠣᠩ᠋ᠭᠤᠯ ᠪᠢᠴᠢᠭ᠌ ᠮᠠᠨᠢ ᠲᠥᠷᠦ ᠤᠯᠤᠰ ᠲᠤ ᠪᠠᠨ ᠡᠷᠭᠢᠨ ᠵᠠᠯᠠᠭᠳᠠᠵᠤ᠂ ᠡᠨᠡ ᠣᠨ ᠤ ᠡᠬᠢᠨ ᠡᠴᠡ ᠲᠥᠷᠦ ᠢᠢᠨ ᠠᠯᠪᠠᠨ ᠶᠣᠰᠤᠨ ᠤ ᠬᠡᠷᠡᠭᠯᠡᠭᠡ ᠪᠣᠯᠵᠤ ᠪᠠᠢᠢᠭᠠᠳ ᠲᠥᠷᠦ ᠢᠢᠨ ᠲᠡᠷᠢᠭᠦᠨ ᠪᠠᠶᠠᠷ ᠲᠠᠢ ᠪᠠᠢᠢᠨ᠎ᠠ᠃
ᠮᠣᠩ᠋ᠭᠤᠯᠴᠤᠳ ᠪᠢᠳᠡᠨ ᠦ ᠲᠥᠷᠦᠲᠦ ᠶᠣᠰᠤᠨ ᠤ ᠣᠯᠠᠨ ᠵᠠᠭᠤᠨ ᠤ ᠲᠡᠦᠬᠡ ᠢᠢ ᠪᠢᠴᠢᠵᠦ ᠲᠡᠮᠳᠡᠭᠯᠡᠵᠦ᠂ ᠥᠪᠯᠡᠭᠦᠯᠦᠨ ᠤᠯᠠᠮᠵᠢᠯᠠᠭᠤᠯᠵᠤ ᠢᠷᠡᠭᠰᠡᠨ᠂ ᠮᠣᠩ᠋ᠭᠤᠯ ᠰᠣᠶᠤᠯ᠂ ᠣᠶᠤᠨ ᠰᠠᠨᠠᠭᠠᠨ ᠤ ᠳᠠᠷᠬᠠᠯᠠᠭ᠎ᠠ᠂ ᠲᠤᠰᠠᠭᠠᠷ ᠤᠯᠤᠰ ᠤᠨ ᠪᠡᠯᠭᠡ ᠲᠡᠮᠳᠡᠭ ᠪᠣᠯᠤᠭᠰᠠᠨ ᠮᠣᠩ᠋ᠭᠤᠯ ᠪᠢᠴᠢᠭ᠌ ᠢᠢᠡᠨ ᠰᠢᠮᠳᠠᠨ ᠰᠤᠷᠴᠤ᠂ ᠥᠪ ᠰᠣᠶᠤᠯ ᠳᠤ ᠪᠠᠨ ᠡᠵᠡᠨ ᠪᠠᠢᠢᠬᠤ ᠨᠢ ᠮᠣᠩ᠋ᠭᠤᠯ ᠬᠦᠮᠦᠨ ᠪᠦᠷᠢ ᠢᠢᠨ ᠪᠠᠬᠠᠷᠬᠠᠯ ᠪᠠᠢᠢᠬᠤ ᠶᠣᠰᠤᠲᠠᠢ᠃
ᠮᠣᠩ᠋ᠭᠤᠯ ᠬᠦᠮᠦᠨ ᠪᠦᠷᠢ ᠡᠵᠡᠨ ᠴᠢᠩᠬᠢᠰ ᠬᠠᠭᠠᠨ ᠤ ᠪᠠᠢᠢᠭᠤᠯᠤᠭᠰᠠᠨ ᠶᠡᠬᠡ ᠮᠣᠩ᠋ᠭᠤᠯ ᠤᠯᠤᠰ ᠤᠨ ᠭᠠᠯ ᠭᠣᠯᠤᠮᠲᠠ ᠢᠢ ᠰᠠᠬᠢᠨ ᠰᠠᠭᠤᠭ᠎ᠠ ᠪᠠᠨ ᠭᠦᠨ ᠢᠢᠡᠨ ᠤᠬᠠᠮᠰᠠᠷᠯᠠᠵᠤ᠂ ᠶᠡᠬᠡ ᠬᠠᠭᠠᠨ ᠤ ᠪᠠᠨ ᠪᠢᠯᠢᠭ᠌ ᠰᠤᠷᠭᠠᠯ ᠢ ᠳᠠᠭᠠᠨ ᠮᠥᠷᠳᠡᠵᠦ᠂ ᠬᠠᠯᠠᠭᠤᠨ ᠵᠠᠭᠤᠷ᠎ᠠ ᠪᠠᠨ ᠡᠶ᠎ᠡ ᠡᠪ ᠢᠢᠡᠨ ᠬᠢᠴᠢᠶᠡᠵᠦ᠂ ᠨᠢᠭᠡ ᠮᠣᠩ᠋ᠭᠤᠯ᠂ ᠨᠢᠭᠡ ᠠᠷᠠᠳ ᠲᠦᠮᠡᠨ᠂ ᠨᠢᠭᠡ ᠭᠡᠷ ᠪᠦᠯᠦ ᠭᠡᠳᠡᠭ ᠢᠢᠡᠨ ᠢᠮᠠᠭᠲᠠ ᠰᠠᠨᠠᠵᠤ᠂ ᠠᠭᠤᠳᠠᠮ ᠬᠠᠷᠠᠵᠤ᠂ ᠠᠭᠤᠵᠢᠮ ᠰᠡᠳᠬᠢᠨ᠂ ᠪᠡᠶ᠎ᠡ ᠪᠡᠶ᠎ᠡ ᠪᠡᠨ ᠬᠠᠢᠢᠷᠠᠯᠠᠵᠤ᠂ ᠪᠡᠶ᠎ᠡ ᠪᠡᠶ᠎ᠡ ᠪᠡᠨ ᠬᠠᠮᠠᠭᠠᠯᠠᠵᠤ᠂ ᠪᠡᠶ᠎ᠡ ᠪᠡᠶ᠎ᠡ ᠪᠡᠨ ᠳᠡᠮᠵᠢᠵᠦ᠂ ᠤᠯᠤᠰ ᠡᠬᠡ ᠣᠷᠤᠨ ᠢᠶᠠᠨ ᠬᠥᠭ᠍ᠵᠢᠭᠦᠯᠵᠦ᠂ ᠠᠷᠠᠳ ᠲᠦᠮᠡᠨ ᠢᠶᠡᠷ ᠢᠶᠡᠨ ᠠᠮᠤᠷ ᠠᠮᠤᠭᠤᠯᠠᠩ ᠠᠮᠢᠳᠤᠷᠠᠬᠤ ᠤᠴᠢᠷ ᠲᠠᠢ᠃
ᠢᠷᠡᠵᠦ ᠪᠤᠢ «ᠡᠯᠳᠡᠪ ᠡᠷᠳᠡᠨᠢᠲᠦ» ᠬᠡᠮᠡᠬᠦ ᠮᠣᠳᠤᠨ ᠮᠣᠭᠠᠶ ᠵᠢᠯ ᠳᠥ ᠪᠡᠨ ᠥᠲᠡᠭᠦᠰ ᠪᠤᠭᠤᠷᠤᠯ ᠤᠳ ᠡᠩᠬᠡ ᠠᠮᠤᠷ᠂ ᠢᠳᠡᠷ ᠵᠠᠯᠠᠭᠤᠰ ᠡᠷᠳᠡᠮ ᠴᠢᠳᠠᠯ ᠲᠠᠢ᠂ ᠬᠡᠦᠬᠡᠳ ᠪᠠᠭᠠᠴᠤᠳ ᠴᠣᠪᠤᠭᠤ ᠰᠡᠷᠭᠦᠯᠡᠩ᠂ ᠲᠦᠮᠡᠨ ᠣᠯᠠᠨ ᠡᠩᠬᠡ ᠲᠤᠩᠬ᠎ᠠ᠂ ᠲᠥᠷᠦ ᠲᠥᠪᠰᠢᠨ᠂ ᠱᠠᠰᠢᠨ ᠲᠤᠩ᠋ᠭᠠᠯᠠᠭ᠂ ᠳᠡᠯᠡᠬᠡᠶ ᠠᠮᠤᠭᠤᠯᠠᠩ ᠪᠠᠢᠢᠬᠤ ᠪᠣᠯᠲᠤᠭᠠᠶ᠃
ᠲᠩᠷᠢ ᠰᠢᠭ ᠢᠢᠡᠨ ᠲᠡᠨᠢᠭᠦᠨ ᠰᠡᠳᠬᠢᠯ ᠲᠡᠢ᠂ ᠲᠠᠯ᠎ᠠ ᠰᠢᠭ ᠢᠢᠡᠨ ᠠᠭᠤᠵᠢᠮ ᠤᠬᠠᠭᠠᠨ ᠲᠠᠢ ᠵᠣᠨ ᠣᠯᠠᠨ ᠤ ᠮᠢᠨᠢ ᠵᠠᠶᠠᠭ᠎ᠠ ᠪᠤᠶᠠᠨ ᠳᠡᠯᠭᠡᠷᠡᠵᠦ᠂ ᠥᠷᠭᠡᠨ ᠲᠦᠮᠡᠨ ᠦ ᠮᠢᠨᠢ ᠴᠣᠭ ᠬᠡᠢᠢᠮᠣᠷᠢ ᠪᠠᠳᠠᠷᠠᠵᠤ᠂ ᠲᠦᠮᠡᠨ ᠣᠯᠠᠨ ᠢᠶᠠᠷ ᠢᠶᠠᠨ ᠲᠥᠪᠰᠢᠨ ᠠᠮᠤᠭᠤᠯᠠᠩ ᠪᠠᠢᠢᠵᠤ ᠰᠠᠷ᠎ᠠ ᠰᠢᠨ᠎ᠡ ᠳᠥ ᠪᠡᠨ ᠰᠠᠢᠢᠬᠠᠨ ᠰᠢᠨᠡᠯᠡᠭᠡᠷᠡᠶ᠃
ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠤᠯ ᠤᠯᠤᠰ ᠮᠠᠨᠳᠤᠨ ᠪᠠᠳᠠᠷᠠᠬᠤ ᠪᠣᠯᠲᠤᠭᠠᠶ᠃