Та "Internet explorer"-ийн сүүлийн хувилбар болох "Microsoft edge"-г ашиглана уу

Хэрэв "Microsoft edge"-г татах бол энд дарж татаж авна уу

«ᠴᠢᠩᠬᠢᠰ ᠬᠠᠭᠠᠨ» ᠮᠦᠽᠧᠶ ᠳᠥ ᠶᠡᠬᠡ ᠬᠠᠭᠠᠨ ᠤ ᠠᠯᠲᠠᠨ ᠬᠥᠰᠢᠶ᠎ᠡ ᠢᠢ ᠵᠠᠯᠠᠯ᠎ᠠ

XVII ᠵᠢᠷᠠᠨ ᠤ «ᠡᠯᠳᠡᠪ ᠡᠷᠳᠡᠨᠢᠲᠦ» ᠬᠡᠮᠡᠬᠦ ᠮᠣᠳᠤᠨ ᠮᠣᠭᠠᠶ ᠵᠢᠯ ᠦᠨ ᠰᠠᠷ᠎ᠠ ᠰᠢᠨ᠎ᠡ ᠢᠢᠨ ᠪᠠᠶᠠᠷ ᠤᠨ ᠡᠨᠡ ᠡᠳᠦᠷ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠰᠠᠨᠠᠭᠠᠴᠢᠯᠠᠭ᠎ᠠ ᠪᠠᠷ «ᠴᠢᠩᠬᠢᠰ ᠬᠠᠭᠠᠨ» ᠦᠨᠳᠦᠰᠦᠨ ᠦ ᠮᠦᠽᠧᠶ ᠳᠥ ᠶᠡᠬᠡ ᠬᠠᠭᠠᠨ ᠤ ᠥᠷᠭᠦᠭᠡ ᠢᠢ ᠪᠠᠢᠢᠭᠤᠯᠵᠤ᠂ ᠬᠠᠭᠠᠨ ᠤ ᠠᠯᠲᠠᠨ ᠬᠥᠰᠢᠶ᠎ᠡ᠂ ᠰᠢᠲᠦᠭᠡᠨ ᠶᠡᠬᠡ ᠴᠠᠭᠠᠨ ᠲᠤᠭ᠂ ᠲᠥᠷᠦ ᠢᠢᠨ ᠬᠠᠰᠪᠤᠤ ᠲᠠᠮᠠᠭ᠎ᠠ ᠢᠢ ᠪᠦᠲᠦᠭᠡᠨ ᠵᠠᠯᠠᠯ᠎ᠠ᠃

ᠶᠡᠬᠡ ᠬᠠᠭᠠᠨ ᠤ ᠥᠷᠭᠦᠭᠡ ᠢᠢ ᠲᠥᠷᠦᠲᠦ ᠶᠣᠰᠤᠨ ᠤ ᠲᠡᠦᠬᠡᠨ ᠤᠯᠠᠮᠵᠢᠯᠠᠯ᠂ ᠪᠡᠯᠭᠡᠳᠡᠯ ᠦᠨ ᠭᠦᠨ ᠤᠳᠬ᠎ᠠ᠂ ᠠᠭᠤᠯᠭ᠎ᠠ ᠢᠢ ᠰᠢᠩ᠋ᠭᠡᠭᠡᠨ᠂ ᠲᠡᠦᠬᠡᠨ ᠡᠬᠢ ᠰᠤᠷᠪᠤᠯᠵᠢ ᠢᠢᠨ ᠮᠡᠳᠡᠭᠡ ᠪᠠᠷᠢᠮᠲᠠ᠂ ᠠᠷᠬᠧᠣᠯᠤᠭᠢ ᠢᠢᠨ ᠪᠠᠷᠢᠮᠲᠠ ᠨᠤᠭᠤᠳ ᠲᠤ ᠲᠤᠯᠭᠠᠭᠤᠷᠢᠯᠠᠨ ᠪᠠᠢᠢᠭᠤᠯᠤᠯ᠎ᠠ᠃

ᠮᠣᠩ᠋ᠭᠤᠯ ᠭᠡᠷ ᠢ ᠪᠡᠯᠭᠡᠳᠡᠭᠰᠡᠨ ᠥᠷᠭᠦᠭᠡ ᠢᠢ ᠨᠠᠷᠠᠨ᠂ ᠰᠠᠷ᠎ᠠ ᠢᠢ ᠲᠡᠷᠢᠭᠦᠨ ᠳᠥ ᠪᠡᠨ ᠵᠠᠯᠠᠭᠰᠠᠨ ᠠᠯᠲᠠᠨ ᠱᠣᠩᠬᠤᠷ ᠰᠢᠪᠠᠭᠤ ᠱᠤᠩ᠋ᠭᠤᠵᠤ ᠪᠠᠭᠤᠭᠰᠠᠨ ᠪᠠᠢᠢᠳᠠᠯ ᠢᠶᠠᠷ ᠤᠷᠠᠯᠠᠵᠡᠢ᠃

ᠯᠤᠪᠰᠠᠩᠳᠠᠨᠵᠢᠨ ᠤ ᠠᠯᠲᠠᠨ ᠲᠣᠪᠴᠢ ᠰᠤᠷᠪᠤᠯᠵᠢ ᠳᠤ «ᠣᠨᠤᠨ ᠮᠥᠷᠡᠨ ᠦ ᠲᠡᠷᠢᠭᠦᠨ ᠢᠶᠡᠨ ᠶᠢᠰᠦᠨ ᠬᠥᠯᠲᠦ ᠴᠠᠭᠠᠨ ᠲᠤᠭ ᠢᠢᠠᠨ ᠪᠠᠢᠢᠭᠤᠯᠵᠤ ᠬᠠᠭᠠᠨ ᠶᠡᠬᠡ ᠣᠷᠤ ᠰᠠᠭᠤᠪᠠᠢ᠃ ᠴᠢᠩᠬᠢᠰ ᠬᠠᠭᠠᠨ ᠨᠡᠷ᠎ᠡ ᠥᠭ᠍ᠭᠦᠭ᠍ᠰᠡᠨ ᠨᠢ ᠬᠠᠷᠠᠪᠲᠤᠷ ᠰᠢᠪᠠᠭᠤ ᠡᠷᠦᠬᠡᠨ ᠦ ᠳᠡᠭᠡᠷ᠎ᠡ ᠰᠠᠭᠤᠵᠤ ᠴᠢᠩᠬᠢᠰ᠂ ᠴᠢᠩᠬᠢᠰ ᠬᠡᠮᠡᠨ ᠳᠤᠤᠭᠠᠷᠤᠭᠰᠠᠨ ᠢᠶᠠᠷ ᠴᠢᠩᠬᠢᠰ ᠬᠠᠭᠠᠨ» ᠬᠡᠮᠡᠨ ᠨᠡᠷᠡᠯᠡᠭᠰᠡᠨ ᠲᠤᠬᠠᠶ ᠥᠭᠦᠯᠡᠭᠰᠡᠨ ᠪᠠᠢᠢᠳᠠᠭ᠃

ᠶᠡᠬᠡ ᠡᠵᠡᠨ ᠬᠠᠭᠠᠨ ᠶᠡᠬᠡ ᠮᠣᠩ᠋ᠭᠤᠯ ᠤᠯᠤᠰ ᠢᠢᠠᠨ ᠪᠠᠢᠢᠭᠤᠯᠵᠤ᠂ ᠥᠷᠭᠦᠭᠡᠨ ᠦ ᠪᠡᠨ ᠬᠣᠢᠢᠮᠤᠷ ᠲᠤ ᠵᠠᠯᠷᠠᠵᠤ ᠪᠤᠢ ᠪᠠᠷ ᠪᠦᠲᠦᠭᠡᠭ᠍ᠰᠡᠨ ᠪᠠᠢᠢᠨ᠎ᠠ᠃ ᠬᠠᠭᠠᠨ ᠤ ᠪᠠᠷᠠᠭᠤᠨ ᠭᠠᠷ ᠲᠠᠯ᠎ᠠ ᠳᠤ ᠮᠣᠩ᠋ᠭᠤᠯᠴᠤᠳ ᠤᠨ ᠰᠢᠲᠦᠭᠡᠨ᠂ ᠡᠩᠬᠡ ᠠᠮᠤᠭᠤᠯᠠᠩ᠂ ᠲᠥᠪᠰᠢᠨ ᠲᠥᠷᠦ ᠢᠢᠨ ᠪᠡᠯᠭᠡᠳᠡᠯ ᠪᠣᠯᠬᠤ ᠰᠢᠲᠦᠭᠡᠨ ᠶᠡᠬᠡ ᠴᠠᠭᠠᠨ ᠲᠤᠭ ᠢ ᠪᠠᠢᠢᠷᠢᠯᠠᠭᠤᠯᠵᠡᠢ᠃

ᠮᠣᠩ᠋ᠭᠤᠯᠴᠤᠳ ᠤᠨ ᠲᠡᠦᠬᠡᠨ ᠡᠬᠢ ᠰᠤᠷᠪᠤᠯᠵᠢ᠂ ᠡᠵᠡᠨᠲᠦ ᠭᠦᠷᠦᠨ ᠦ ᠲᠥᠷᠦᠲᠦ ᠶᠣᠰᠤᠨ ᠤ ᠤᠯᠠᠮᠵᠢᠯᠠᠯ ᠳᠤ ᠲᠤᠯᠭᠠᠭᠤᠷᠢᠯᠠᠨ ᠠᠯᠲᠠᠨ ᠬᠥᠰᠢᠶ᠎ᠡ ᠪᠦᠲᠦᠭᠡᠬᠦ ᠨᠢ ᠶᠡᠬᠡ ᠬᠠᠭᠠᠨ ᠤᠨ ᠢᠶᠠᠨ ᠲᠡᠦᠬᠡᠨ ᠦᠢᠯᠡ ᠬᠡᠷᠡᠭ ᠢ ᠠᠯᠳᠠᠷᠰᠢᠭᠤᠯᠤᠨ ᠮᠥᠩᠬᠡᠵᠢᠭᠦᠯᠬᠦ᠂ ᠲᠥᠷᠦᠲᠦ ᠶᠣᠰᠤᠨ ᠤ ᠦᠨᠡᠲᠦ ᠥᠪ ᠢ ᠪᠡᠬᠢᠵᠢᠭᠦᠯᠬᠦ ᠡᠷᠬᠢᠮ ᠡᠭᠦᠷᠭᠡ ᠢᠢᠨ ᠨᠢᠭᠡ᠃

ᠠᠯᠲᠠᠨ ᠬᠥᠰᠢᠶ᠎ᠡ ᠨᠢ ᠴᠢᠩᠬᠢᠰ ᠬᠠᠭᠠᠨ ᠲᠥᠷᠦ ᠢᠢᠨ ᠠᠯᠲᠠᠨ ᠲᠠᠮᠠᠭ᠎ᠠ ᠪᠠᠨ ᠵᠠᠯᠠᠵᠤ᠂ ᠶᠡᠬᠡ ᠮᠣᠩ᠋ᠭᠤᠯ ᠤᠯᠤᠰ ᠢᠢᠠᠨ ᠪᠠᠢᠢᠭᠤᠯᠤᠭᠰᠠᠨ ᠢᠢᠠᠨ ᠲᠦᠮᠡᠨ ᠣᠯᠠᠨ ᠳᠤ ᠵᠠᠷᠯᠠᠨ ᠲᠤᠩᠬᠠᠭᠯᠠᠵᠤ ᠪᠠᠢᠢᠭ᠎ᠠ ᠪᠤᠶᠤ «…ᠰᠢᠨᠡᠬᠡᠨ ᠰᠡᠢᠢᠯᠦᠭᠰᠡᠨ ᠬᠠᠭᠠᠨ ᠤ ᠲᠠᠮᠠᠭ᠎ᠠ ᠢᠢ ᠬᠤᠷᠠᠯᠳᠤᠭᠰᠠᠳ ᠲᠤ ᠦᠵᠡᠭᠦᠯᠦᠨ ᠲᠠᠮᠠᠭ᠎ᠠ ᠳᠤ ᠰᠡᠢᠢᠯᠦᠭᠰᠡᠨ ᠵᠠᠷᠯᠢᠭ ᠢ ᠬᠤᠷᠠᠭᠰᠠᠨ ᠳᠤ ᠤᠩᠰᠢᠵᠤ ᠥᠭ᠍ᠭᠦᠨ ᠬᠠᠰ ᠲᠠᠮᠠᠭ᠎ᠠ ᠢᠢ ᠬᠠᠭᠠᠨ ᠳᠤ ᠡᠷᠭᠦᠪᠡ…» ᠭᠡᠰᠡᠨ ᠲᠡᠦᠬᠡᠨ ᠪᠠᠷᠢᠮᠲᠠᠲᠤ ᠭᠱᠠᠨ ᠢ ᠮᠥᠩᠬᠡᠵᠢᠭᠦᠯᠦᠭᠰᠡᠨ ᠪᠦᠲᠦᠭᠡᠯ ᠶᠤᠮ᠃

ᠬᠥᠰᠢᠶ᠎ᠡ ᠨᠢ ᠮᠣᠩ᠋ᠭᠤᠯᠴᠤᠳ ᠤᠨ ᠳᠦᠷᠰᠦᠯᠡᠬᠦᠢ ᠢᠢᠨ ᠤᠷᠠᠯᠢᠭ ᠤᠨ ᠤᠯᠠᠮᠵᠢᠯᠠᠯᠲᠤ ᠲᠢᠭ᠌ ᠪᠣᠯᠬᠤ ᠲᠡᠭᠰᠢ ᠬᠡᠮᠲᠦ ᠵᠣᠬᠢᠶᠠᠮᠵᠢ ᠲᠠᠢ᠂ ᠪᠣᠳᠠᠲᠤ ᠬᠢᠴᠡ ᠲᠡᠢ ᠪᠥᠭᠡᠳ ᠬᠥᠰᠢᠶ᠎ᠡ᠂ ᠶᠡᠬᠡ ᠮᠣᠩ᠋ᠭᠤᠯ ᠤᠯᠤᠰ ᠤᠨ ᠠᠯᠲᠠᠨ ᠲᠠᠮᠠᠭ᠎ᠠ᠂ ᠶᠡᠬᠡ ᠬᠠᠭᠠᠨ ᠤ ᠰᠡᠩᠲᠡᠢ᠂ ᠠᠯᠲᠠᠨ ᠴᠢᠮᠡᠭᠯᠡᠯ ᠪᠦᠬᠦᠢ ᠭᠠᠨᠲᠢᠭ ᠴᠢᠯᠠᠭᠤᠨ ᠰᠠᠭᠤᠷᠢ ᠵᠡᠷᠭᠡ ᠡᠴᠡ ᠪᠦᠷᠢᠳᠦᠨ᠎ᠡ᠃

ᠶᠡᠬᠡ ᠬᠠᠭᠠᠨ ᠤ «ᠮᠥᠩᠬᠡ ᠲᠩᠷᠢ ᠢᠢᠨ ᠬᠦᠴᠦᠨ ᠳᠥ ᠶᠡᠬᠡ ᠮᠣᠩ᠋ᠭᠤᠯ ᠤᠯᠤᠰ ᠤᠨ ᠳᠠᠯᠠᠢ ᠢᠢᠨ ᠬᠠᠨ ᠤ ᠵᠠᠷᠯᠢᠭ ᠢᠯᠡ ᠪᠤᠯᠬ ᠠ ᠢᠷᠭᠡᠨ ᠳᠥ ᠬᠦᠷᠪᠡᠰᠦ ᠪᠢᠰᠢᠷᠡᠲᠦᠭᠡᠶ᠂ ᠠᠶᠤᠲᠤᠭᠠᠢ» ᠪᠢᠴᠢᠪᠦᠷᠢ ᠪᠦᠬᠦᠢ ᠳᠠᠷᠤᠳᠠᠰᠤ ᠲᠠᠢ᠂ ᠠᠷᠰᠯᠠᠨ ᠳᠦᠷᠰᠦᠲᠦ ᠪᠠᠷᠢᠭᠤᠯ ᠲᠠᠢ ᠲᠠᠮᠠᠭ᠎ᠠ ᠨᠢ ᠶᠡᠬᠡ ᠮᠣᠩ᠋ᠭᠤᠯ ᠤᠯᠤᠰ ᠤᠨ ᠲᠥᠷᠦ ᠢᠢᠨ ᠪᠡᠯᠭᠡᠳᠡᠯ᠃

ᠰᠡᠩᠲᠡᠢ ᠢᠢᠨ ᠲᠥᠪ ᠬᠡᠰᠡᠭ ᠲᠥ ᠴᠢᠩᠬᠢᠰ ᠬᠠᠭᠠᠨ ᠤ ᠣᠩ᠋ᠭᠢ ᠲᠠᠮᠠᠭ᠎ᠠ ᠲᠠᠢ ᠨᠠᠷᠠᠨ᠂ ᠰᠠᠯᠬᠢᠨ ᠤ ᠤᠭᠠᠯᠵᠠᠷᠠᠭᠰᠠᠨ ᠳᠦᠷᠰᠦ ᠪᠦᠬᠦᠢ ᠰᠠᠷᠠᠨ᠂ ᠴᠢᠩᠬᠢᠰ ᠬᠠᠭᠠᠨ ᠤ ᠪᠠᠳᠠᠷᠠᠭᠠᠭᠰᠠᠨ ᠠᠤᠭ᠎ᠠ ᠦᠢᠯᠡᠰ ᠢ ᠢᠯᠡᠷᠬᠡᠢᠢᠯᠡᠭᠰᠡᠨ ᠰᠠᠯᠬᠢᠨ ᠠᠴᠠ ᠪᠠᠳᠮᠠᠯᠠᠨ ᠤᠷᠭᠤᠨ ᠭᠠᠷᠴᠤ ᠪᠤᠢ ᠭᠠᠯ ᠤᠨ ᠳᠦᠷᠰᠦᠯᠡᠯ ᠪᠤᠢ᠃

ᠡᠨᠡ ᠨᠢ ᠶᠡᠬᠡ ᠬᠠᠭᠠᠨ ᠤ ᠦᠢᠯᠡ ᠬᠡᠷᠡᠭ᠂ ᠲᠡᠭᠦᠨ ᠦ ᠪᠠᠢᠢᠭᠤᠯᠤᠭᠰᠠᠨ ᠶᠡᠬᠡ ᠮᠣᠩ᠋ᠭᠤᠯ ᠤᠯᠤᠰ ᠮᠥᠩᠬᠡ ᠳᠥ ᠳᠠᠭᠤᠷᠢᠰᠠᠭᠳᠠᠨ ᠳᠡᠭᠡᠳᠦᠯᠡᠭᠳᠡᠬᠦ᠂ ᠡᠪᠦᠭᠡ ᠳᠡᠭᠡᠳᠦᠰ ᠡᠴᠡ ᠤᠯᠠᠮᠵᠢᠯᠠᠭᠳᠠᠨ ᠢᠷᠡᠭᠰᠡᠨ ᠲᠥᠷᠦ᠂ ᠤᠯᠤᠰ ᠡᠭᠦᠷᠢᠳᠡ ᠣᠷᠤᠰᠢᠬᠤ ᠢᠢ ᠪᠡᠯᠭᠡᠳᠡᠵᠡᠢ᠃

7 ᠮᠧᠲ᠋ᠷ ᠦᠨ ᠥᠨᠳᠦᠷ ᠲᠡᠢ ᠬᠥᠰᠢᠶ᠎ᠡ ᠢᠢ ᠲᠥᠷᠦ ᠢᠢᠨ ᠱᠠᠩᠨᠠᠯᠲᠤ᠂ ᠰᠣᠶᠤᠯ ᠤᠨ ᠭᠠᠪᠢᠶᠠᠲᠤ ᠵᠢᠳᠬᠦᠯᠲᠡᠨ ᠪᠠᠷᠢᠮᠠᠯᠴᠢ ᠯᠤ᠊·ᠪᠣᠯᠤᠳ ᠶᠡᠬᠡ ᠬᠠᠭᠠᠨ ᠤ ᠡᠰᠢ ᠬᠥᠷᠦᠭ ᠲᠥ ᠲᠤᠯᠭᠠᠭᠤᠷᠢᠯᠠᠨ ᠴᠢᠩᠬᠢᠰ ᠬᠠᠭᠠᠨ ᠢ ᠶᠡᠬᠡ ᠮᠣᠩ᠋ᠭᠤᠯ ᠤᠯᠤᠰ ᠢᠢᠠᠨ ᠪᠠᠢᠢᠭᠤᠯᠤᠭᠰᠠᠨ ᠦᠶ᠎ᠡ᠂ ᠴᠢᠨᠠᠭᠰᠢᠳᠠ ᠠᠭᠤᠤ ᠶᠡᠬᠡ ᠦᠢᠯᠡᠰ ᠢᠢᠡᠨ ᠪᠦᠲᠦᠭᠡᠬᠦ ᠢᠲᠡᠭᠡᠯ ᠲᠡᠭᠦᠰ ᠪᠠᠢᠢᠳᠠᠯ ᠢ ᠵᠣᠬᠢᠶᠠᠮᠵᠢᠯᠠᠨ ᠪᠦᠲᠦᠭᠡᠭ᠍ᠰᠡᠨ ᠪᠠᠢᠢᠨ᠎ᠠ᠃

ᠶᠡᠬᠡ ᠬᠠᠭᠠᠨ ᠤ ᠳᠡᠪᠡᠯ ᠬᠤᠪᠴᠠᠰᠤ ᠲᠡᠷᠢᠭᠦᠲᠡᠨ ᠢ ᠲᠡᠦᠬᠡᠨ ᠡᠬᠢ ᠰᠤᠷᠪᠤᠯᠵᠢ᠂ ᠠᠷᠬᠧᠣᠯᠤᠭᠢ ᠢᠢᠨ ᠮᠠᠯᠲᠠᠯᠭ᠎ᠠ ᠰᠤᠳᠤᠯᠭ᠎ᠠ ᠪᠠᠷ ᠣᠯᠳᠠᠭᠰᠠᠨ ᠪᠠᠷᠢᠮᠲᠠ ᠬᠡᠷᠡᠭᠯᠡᠭᠳᠡᠬᠦᠨ ᠳᠥ ᠲᠤᠯᠭᠠᠭᠤᠷᠢᠯᠠᠵᠡᠢ᠃

ᠲᠤᠬᠠᠢᠢᠯᠠᠪᠠᠯ ᠡᠰᠢ ᠬᠥᠷᠦᠭ ᠲᠥ ᠳᠦᠷᠰᠦᠯᠡᠭᠰᠡᠨ ᠮᠠᠯᠠᠭᠠᠶ᠂ ᠪᠣᠭᠤᠨᠢ ᠬᠠᠨᠴᠤᠶᠢᠲᠤ ᠭᠠᠳᠠᠭᠤᠷ ᠳᠡᠪᠡᠯ ᠲᠡᠢ᠂ ᠲᠩᠷᠢ ᠢᠢ ᠪᠡᠯᠭᠡᠳᠡᠭᠰᠡᠨ ᠡᠭᠦᠯᠡᠨ ᠬᠡ ᠪᠦᠬᠦᠢ ᠳᠣᠲᠤᠭᠤᠷ ᠳᠡᠪᠡᠯ ᠲᠡᠢ᠂ ᠤᠭᠠᠯᠵᠠ ᠬᠡ ᠪᠡᠷ ᠴᠢᠮᠡᠭᠯᠡᠭᠰᠡᠨ ᠬᠠᠪᠲᠠᠭ᠎ᠠ᠂ ᠬᠠᠭᠠᠨ ᠤ ᠣᠩ᠋ᠭᠢ ᠲᠠᠮᠠᠭ᠎ᠠ ᠪᠦᠬᠦᠢ ᠬᠢᠲᠤᠭ᠎ᠠ᠂ ᠥᠰᠦᠨ ᠳᠡᠪᠵᠢᠬᠦ ᠢᠢᠨ ᠪᠡᠯᠭᠡᠳᠡᠯ ᠤᠷᠭᠤᠮᠠᠯ ᠤᠨ ᠤᠭᠠᠯᠵᠠ ᠬᠡᠲᠦ ᠠᠯᠲᠠᠨ ᠪᠦᠰᠡ ᠲᠡᠢ᠂ ᠡᠭᠡᠯ ᠬᠢᠴᠡ ᠲᠡᠢ ᠠᠷᠠᠰᠤᠨ ᠭᠤᠲᠤᠯ ᠲᠠᠢ ᠪᠠᠷ ᠤᠷᠠᠯᠠᠭᠰᠠᠨ ᠪᠠᠢᠢᠨ᠎ᠠ᠃

ᠶᠡᠬᠡ ᠬᠠᠭᠠᠨ ᠤ ᠰᠡᠩᠲᠡᠢ ᠢᠢ ᠪᠤᠷᠬᠠᠨ ᠬᠠᠯᠳᠤᠨ ᠠᠭᠤᠯᠠ ᠢᠢᠨ ᠤᠭᠠᠯᠵᠠᠷᠠᠭᠰᠠᠨ ᠳᠦᠷᠰᠦᠲᠦ ᠣᠷᠤᠶ᠂ ᠮᠥᠩᠬᠡ ᠲᠩᠷᠢ ᠢᠢ ᠪᠡᠯᠭᠡᠳᠡᠭᠰᠡᠨ ᠡᠭᠦᠯᠡᠨ ᠬᠡᠲᠦ ᠡᠮᠵᠢᠶᠡᠷᠢ᠂ ᠣᠳᠤ ᠨᠤᠭᠤᠳ ᠡᠷᠬᠢᠰ ᠢ ᠪᠡᠯᠭᠡᠳᠡᠭᠰᠡᠨ ᠰᠢᠪᠠᠭᠤᠨ ᠳᠦᠷᠰᠦᠲᠦ ᠪᠣᠯᠤᠨ ᠲᠦᠮᠡᠨ ᠨᠠᠰᠤ ᠲᠤ ᠬᠡ ᠪᠡᠷ ᠴᠢᠮᠡᠭᠯᠡᠵᠡᠢ᠃

ᠬᠥᠰᠢᠶ᠎ᠡ ᠢᠢ ᠢᠲ᠋ᠠᠯᠢ ᠢᠢᠨ ᠹᠯᠣᠷᠧᠨ᠋ᠼᠧ ᠬᠣᠲᠠ ᠢᠢᠨ « Art’u di Gaetano Salmista» ᠬᠦᠷᠡᠯ ᠦᠨ ᠦᠢᠯᠡᠳᠪᠦᠷᠢ ᠲᠥ ᠴᠢᠳᠭᠤᠭᠰᠠᠨ ᠪᠠᠢᠢᠨ᠎ᠠ᠃

ᠡᠵᠡᠨ ᠪᠣᠭᠳᠠ ᠴᠢᠩᠬᠢᠰ ᠬᠠᠭᠠᠨ ᠤ ᠬᠥᠰᠢᠶᠡᠨ ᠦ ᠡᠬᠢ ᠵᠠᠭᠪᠤᠷ ᠤᠨ «ᠪᠦᠲᠦᠭᠡᠯ ᠠᠰᠢᠭᠯᠠᠬᠤ ᠣᠨᠴᠤᠭᠤᠶ ᠡᠷᠬᠡ» ᠢᠢ ᠵᠣᠬᠢᠶᠠᠭᠴᠢ ᠢᠢᠨ ᠡᠷᠬᠡ ᠢᠢᠨ ᠲᠤᠬᠠᠶ ᠬᠠᠤᠯᠢ ᠢᠢᠨ ᠳᠠᠭᠠᠭᠤ ᠮᠣᠩ᠋ᠭᠤᠯ ᠪᠠᠩᠺᠢ ᠡᠵᠡᠮᠰᠢᠵᠦ ᠪᠠᠢᠢᠭ᠎ᠠ ᠶᠤᠮ᠃