Та "Internet explorer"-ийн сүүлийн хувилбар болох "Microsoft edge"-г ашиглана уу

Хэрэв "Microsoft edge"-г татах бол энд дарж татаж авна уу

ᠶᠡᠬᠡ ᠬᠠᠭᠠᠨ ᠤ ᠠᠯᠲᠠᠨ ᠬᠥᠰᠢᠶ᠎ᠡ᠂ ᠰᠢᠲᠦᠭᠡᠨ ᠶᠡᠬᠡ ᠴᠠᠭᠠᠨ ᠲᠤᠭ᠂ ᠲᠥᠷᠦ ᠢᠢᠨ ᠬᠠᠰᠪᠤᠤ ᠲᠠᠮᠠᠭ᠎ᠠ ᠢᠢ ᠪᠦᠲᠦᠭᠡᠨ ᠵᠠᠯᠠᠯ᠎ᠠ

XVII ᠵᠢᠷᠠᠨ ᠤ «ᠡᠯᠳᠡᠪ ᠡᠷᠳᠡᠨᠢᠲᠦ» ᠬᠡᠮᠡᠬᠦ ᠮᠣᠭᠠᠶ ᠵᠢᠯ ᠦᠨ ᠬᠠᠪᠤᠷ ᠤᠨ ᠲᠡᠷᠢᠭᠦᠨ ᠰᠠᠷ᠎ᠠ ᠢᠢᠨ ᠪᠡᠯᠭᠡᠲᠦ ᠰᠠᠢᠢᠨ ᠡᠨᠡ ᠡᠳᠦᠷ ᠮᠣᠩ᠋ᠭᠤᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠪᠠᠷ «ᠴᠢᠩᠬᠢᠰ ᠬᠠᠭᠠᠨ» ᠦᠨᠳᠦᠰᠦᠨ ᠦ ᠮᠦᠽᠧᠶ ᠳᠥ ᠶᠡᠬᠡ ᠬᠠᠭᠠᠨ ᠤ ᠠᠯᠲᠠᠨ ᠬᠥᠰᠢᠶ᠎ᠡ᠂ ᠰᠢᠲᠦᠭᠡᠨ ᠶᠡᠬᠡ ᠴᠠᠭᠠᠨ ᠲᠤᠭ᠂ ᠲᠥᠷᠦ ᠢᠢᠨ ᠬᠠᠰᠪᠤᠤ ᠲᠠᠮᠠᠭ᠎ᠠ ᠢᠢ ᠪᠦᠲᠦᠭᠡᠨ ᠵᠠᠯᠠᠯ᠎ᠠ᠃

ᠨᠡᠭᠡᠭᠡᠯᠲᠡ ᠢᠢᠨ ᠶᠣᠰᠤᠯᠠᠯ ᠳᠤ ᠶᠡᠷᠦᠩᠬᠡᠢᠢᠯᠡᠭᠴᠢ ᠢᠢᠨ ᠬᠡᠯᠡᠭᠰᠡᠨ ᠦᠭᠡ ᠢᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃

«ᠡᠷᠬᠢᠮ ᠬᠦᠨᠳᠦᠲᠦ ᠠᠷᠠᠳ ᠢᠷᠭᠡᠳ ᠡ᠂

ᠡᠯᠢᠭᠡ ᠨᠢᠭᠡᠲᠦ ᠮᠣᠩ᠋ᠭᠤᠯ ᠠᠬᠠᠨ ᠳᠡᠭᠦᠰ ᠡ᠂

ᠡᠷᠬᠢᠮ ᠬᠦᠨᠳᠦᠲᠦ ᠵᠣᠴᠢᠳ ᠠ᠂

ᠳᠡᠯᠡᠬᠡᠢ ᠢᠢᠨ ᠮᠢᠩ᠋ᠭᠠᠨ ᠤ ᠰᠤᠤᠲᠤ ᠬᠦᠮᠦᠨ᠂ ᠬᠠᠭᠠᠳ ᠤᠨ ᠬᠠᠭᠠᠨ ᠶᠡᠬᠡ ᠡᠵᠡᠨ ᠴᠢᠩᠬᠢᠰ ᠬᠠᠭᠠᠨ ᠤ ᠰᠦᠷ ᠰᠦᠯᠳᠡ ᠢᠢ ᠣᠷᠤᠰᠢᠭᠠᠭᠰᠠᠨ ᠠᠯᠲᠠᠨ ᠬᠥᠰᠢᠶ᠎ᠡ᠂ ᠰᠢᠲᠦᠭᠡᠨ ᠶᠡᠬᠡ ᠴᠠᠭᠠᠨ ᠲᠤᠭ᠂ ᠲᠥᠷᠦ ᠢᠢᠨ ᠬᠠᠰᠪᠤᠤ ᠲᠠᠮᠠᠭ᠎ᠠ ᠢᠢ ᠶᠡᠬᠡ ᠬᠠᠭᠠᠨ ᠤ ᠥᠷᠭᠦᠭᠡᠨ ᠥᠦ ᠳᠡᠭᠡᠳᠦᠯᠡᠨ ᠵᠠᠯᠠᠬᠤ ᠶᠣᠰᠤᠯᠠᠯ ᠳᠤ ᠬᠦᠷᠦᠯᠴᠡᠨ ᠢᠷᠡᠭᠰᠡᠨ ᠡᠷᠬᠢᠮ ᠬᠦᠨᠳᠦᠲᠦ ᠵᠣᠴᠢᠳ ᠲᠠ ᠪᠦᠬᠦᠨ ᠳᠥ ᠰᠠᠷ᠎ᠠ ᠰᠢᠨ᠎ᠡ ᠢᠢᠨ ᠮᠡᠨᠳᠦ ᠢᠢ ᠡᠷᠭᠦᠨ ᠳᠡᠪᠰᠢᠭᠦᠯᠦᠶ ᠡ᠃

«ᠡᠯᠳᠡᠪ ᠡᠷᠳᠡᠨᠢᠲᠦ» ᠬᠡᠮᠡᠬᠦ ᠮᠣᠭᠠᠶ ᠵᠢᠯ ᠦᠨ ᠬᠠᠪᠤᠷ ᠤᠨ ᠲᠡᠷᠢᠭᠦᠨ ᠰᠠᠷ᠎ᠠ ᠢᠢᠨ ᠲᠡᠷᠢᠭᠦᠨ ᠡᠳᠦᠷ ᠦᠨ ᠨᠠᠷᠠᠨ ᠮᠠᠨᠳᠤᠬᠤ ᠡᠨᠡ ᠮᠥᠴᠢᠳ ᠬᠦᠮᠦᠨ ᠲᠥᠷᠦᠯᠬᠢᠲᠡᠨ ᠦ ᠰᠤᠤᠲᠤ ᠬᠦᠮᠦᠨ᠂ ᠮᠣᠩ᠋ᠭᠤᠯᠴᠤᠳ ᠪᠢᠳᠡᠨ ᠦ ᠡᠷᠬᠢᠮ ᠳᠡᠭᠡᠳᠦ ᠰᠢᠲᠦᠭᠡᠨ ᠡᠵᠡᠨ ᠪᠣᠭᠳᠠ ᠴᠢᠩᠬᠢᠰ ᠬᠠᠭᠠᠨ ᠤ ᠠᠯᠲᠠᠨ ᠪᠡᠶ᠎ᠡ ᠢᠢ ᠪᠦᠲᠦᠭᠡᠵᠦ᠂ ᠰᠢᠲᠦᠭᠡᠨ ᠶᠡᠬᠡ ᠴᠠᠭᠠᠨ ᠲᠤᠭ᠂ ᠲᠥᠷᠦ ᠢᠢᠨ ᠬᠠᠰᠪᠤᠤ ᠲᠠᠮᠠᠭ᠎ᠠ ᠢᠢᠨ ᠬᠠᠮᠲᠤ ᠬᠦᠨᠳᠦᠳᠬᠡᠨ ᠵᠠᠯᠠᠭᠰᠠᠨ ᠶᠡᠬᠡ ᠬᠠᠭᠠᠨ ᠤ ᠥᠷᠭᠦᠭᠡ ᠢᠢ ᠡᠢᠢᠨ ᠬᠦ ᠶᠣᠰᠤᠯᠠᠯ ᠲᠡᠭᠦᠯᠳᠡᠷ ᠨᠡᠭᠡᠭᠡᠬᠦ ᠲᠡᠦᠬᠡᠨ ᠦᠢᠯᠡ ᠬᠡᠷᠡᠭ ᠲᠣᠬᠢᠶᠠᠵᠤ ᠪᠠᠢᠢᠨ᠎ᠠ᠃

ᠮᠥᠩᠬᠡ ᠲᠩᠷᠢ ᠮᠣᠩ᠋ᠭᠤᠯᠴᠤᠳ ᠪᠢᠳᠡᠨ ᠳᠥ ᠠᠭᠤᠤ ᠶᠡᠬᠡ ᠰᠤᠤ ᠪᠢᠯᠢᠭᠲᠦ᠂ ᠬᠠᠭᠠᠳ ᠤᠨ ᠬᠠᠭᠠᠨ ᠡᠵᠡᠨ ᠪᠣᠭᠳᠠ ᠴᠢᠩᠬᠢᠰ ᠬᠠᠭᠠᠨ ᠢ ᠵᠠᠶᠠᠭᠠᠭᠰᠠᠨ ᠪᠢᠯᠡ᠃

ᠡᠵᠡᠨ ᠪᠣᠭᠳᠠ ᠴᠢᠩᠬᠢᠰ ᠬᠠᠭᠠᠨ ᠪᠣᠯ ᠮᠣᠩ᠋ᠭᠤᠯ ᠤᠨ ᠲᠡᠦᠬᠡᠨ ᠳᠥ ᠲᠡᠳᠦᠶ ᠦᠭᠡᠢ ᠳᠡᠯᠡᠬᠡᠶ ᠶᠢᠷᠲᠢᠨᠴᠦ ᠢᠢᠨ ᠲᠡᠦᠬᠡᠨ ᠳᠥ ᠦᠨᠡᠯᠡᠵᠦ ᠪᠠᠷᠠᠰᠢ ᠦᠭᠡᠢ ᠬᠤᠪᠢ ᠨᠡᠮᠡᠷᠢ ᠣᠷᠤᠭᠤᠯᠵᠤ᠂ ᠬᠦᠮᠦᠨ ᠲᠥᠷᠦᠯᠬᠢᠲᠡᠨ ᠦ ᠬᠥᠭ᠍ᠵᠢᠯ ᠳᠡᠪᠰᠢᠯ ᠦᠨ ᠦᠨᠳᠦᠰᠦ ᠰᠠᠭᠤᠷᠢ ᠢᠢ ᠴᠣᠭᠴᠠᠯᠠᠭᠠᠬᠤ ᠳᠤ ᠣᠨᠴᠤᠭᠤᠶ ᠭᠠᠪᠢᠶ᠎ᠠ ᠪᠠᠢᠢᠭᠤᠯᠤᠭᠰᠠᠨ ᠠᠤᠭ᠎ᠠ ᠶᠡᠬᠡ ᠬᠠᠭᠠᠨ ᠶᠤᠮ᠃

ᠡᠵᠡᠨ ᠪᠣᠭᠳᠠ ᠴᠢᠩᠬᠢᠰ ᠬᠠᠭᠠᠨ ᠤ ᠪᠠᠢᠢᠭᠤᠯᠤᠭᠰᠠᠨ ᠶᠡᠬᠡ ᠮᠣᠩ᠋ᠭᠤᠯ ᠤᠯᠤᠰ ᠳᠡᠯᠡᠬᠡᠶ ᠶᠢᠷᠲᠢᠨᠴᠦ ᠳᠥ «ᠮᠣᠩ᠋ᠭᠤᠯ ᠤᠨ ᠶᠡᠬᠡ ᠠᠮᠤᠷ ᠠᠮᠤᠭᠤᠯᠠᠩ» ᠢ ᠡᠭᠦᠳᠬᠡᠨ ᠲᠣᠭᠲᠠᠭᠠᠵᠤ᠂ ᠤᠯᠤᠰ ᠲᠦᠮᠡᠨ ᠨᠦᠭᠦᠳ ᠦᠨ ᠬᠠᠷᠢᠯᠴᠠᠭ᠎ᠠ ᠬᠣᠯᠪᠤᠭ᠎ᠠ᠂ ᠡᠶ᠎ᠡ ᠡᠪ ᠢ ᠪᠡᠬᠢᠵᠢᠭᠦᠯᠵᠦ᠂ ᠥᠷᠦᠨ᠎ᠡ ᠳᠣᠷᠤᠨ᠎ᠠ ᠢᠢ ᠬᠤᠯᠪᠤᠵᠤ᠂ ᠬᠤᠳᠠᠯᠳᠤᠭ᠎ᠠ ᠠᠷᠠᠯᠵᠢᠶ᠎ᠠ᠂ ᠰᠣᠶᠤᠯ ᠤᠨ ᠰᠣᠯᠢᠯᠴᠠᠭ᠎ᠠ ᠢᠢ ᠡᠷᠴᠢᠮᠵᠢᠭᠦᠯᠵᠦ᠂ ᠣᠶᠤᠨ ᠰᠠᠨᠠᠭ᠎ᠠ᠂ ᠱᠠᠰᠢᠨ ᠰᠢᠲᠦᠯᠭᠡ᠂ ᠰᠣᠶᠤᠯ ᠤᠷᠠᠯᠢᠭ᠂ ᠰᠢᠨᠵᠢᠯᠡᠬᠦ ᠤᠬᠠᠭᠠᠨ ᠬᠥᠭ᠍ᠵᠢᠨ ᠳᠡᠪᠵᠢᠬᠦ ᠲᠠᠭᠠᠲᠠᠢ ᠨᠥᠬᠦᠴᠡᠯ ᠢ ᠪᠦᠷᠢᠳᠦᠭᠦᠯᠵᠦ᠂ ᠥᠨᠦ ᠢᠢᠨ ᠳᠡᠯᠡᠬᠡᠶ ᠶᠢᠷᠲᠢᠨᠴᠦ ᠢᠢᠨ ᠦᠨᠳᠦᠰᠦ ᠰᠠᠭᠤᠷᠢ ᠢᠢ ᠲᠠᠯᠪᠢᠭᠰᠠᠨ ᠪᠢᠯᠡ᠃

ᠡᠵᠡᠨ ᠪᠣᠭᠳᠠ ᠴᠢᠩᠬᠢᠰ ᠬᠠᠭᠠᠨ ᠪᠣᠯ ᠬᠠᠭᠠᠨ ᠬᠦᠮᠦᠨ ᠦ ᠡᠷᠳᠡᠮ ᠴᠢᠳᠠᠯ ᠢ ᠴᠣᠭᠴᠠᠯᠠᠭᠠᠨ ᠮᠡᠨᠳᠦᠯᠡᠵᠦ᠂ ᠡᠪᠦᠭᠡ ᠳᠡᠭᠡᠳᠦᠰ ᠦᠨ ᠢᠶᠡᠨ ᠪᠠᠢᠢᠭᠤᠯᠤᠭᠰᠠᠨ ᠲᠥᠷᠦᠲᠦ ᠶᠣᠰᠤᠨ ᠤ ᠲᠡᠦᠬᠡ ᠢᠢ ᠵᠠᠯᠭᠠᠮᠵᠢᠯᠠᠵᠤ᠂ ᠲᠥᠷᠦ ᠤᠯᠤᠰ᠂ ᠲᠦᠮᠡᠨ ᠣᠯᠠᠨ ᠢᠶᠠᠨ ᠵᠠᠰᠠᠬᠤ ᠪᠢᠯᠢᠭ᠌ ᠤᠬᠠᠭᠠᠨ ᠢ ᠥᠪᠯᠡᠨ᠂ ᠵᠣᠨ ᠣᠯᠠᠨ ᠤ ᠪᠠᠨ ᠰᠡᠳᠬᠢᠯ ᠢ ᠬᠤᠷᠢᠶᠠᠵᠤ᠂ ᠢᠲᠡᠭᠡᠯ ᠢ ᠣᠯᠤᠭᠰᠠᠨ ᠠᠤᠭ᠎ᠠ ᠶᠡᠬᠡ ᠬᠦᠮᠦᠨ ᠶᠤᠮ᠃

ᠶᠡᠬᠡ ᠬᠠᠭᠠᠨ ᠰᠢᠭ ᠥᠩ᠋ᠭᠡᠷᠡᠭᠰᠡᠨ ᠢᠢᠡᠨ ᠮᠡᠳᠡᠵᠦ᠂ ᠥᠪᠡᠷ ᠢ ᠪᠡᠨ ᠮᠡᠳᠡᠭᠦᠯᠵᠦ᠂ ᠢᠷᠡᠭᠡᠳᠦᠶ ᠪᠡᠨ ᠮᠡᠳᠡᠷᠡᠳᠡᠭ ᠡᠵᠡᠨ ᠬᠠᠭᠠᠨ ᠬᠦᠮᠦᠨ ᠦ ᠲᠡᠦᠬᠡᠨ ᠳᠥ ᠴᠥᠭᠡᠬᠡᠨ ᠮᠡᠨᠳᠦᠯᠡᠭᠰᠡᠨ᠃

ᠮᠣᠩ᠋ᠭᠤᠯᠴᠤᠳ ᠪᠢᠳᠡ ᠮᠣᠩ᠋ᠭᠤᠯ ᠦᠨᠳᠦᠰᠦᠲᠡᠨ ᠦ ᠣᠷᠤᠰᠢᠨ ᠲᠣᠭᠲᠠᠨᠢᠬᠤᠢ ᠢᠢᠨ ᠪᠠᠲᠤᠯᠠᠭ᠎ᠠ᠂ ᠣᠶᠤᠨ ᠰᠠᠨᠠᠭᠠᠨ ᠤ ᠡᠬᠢ ᠤᠨᠳᠤᠷᠭ᠎ᠠ ᠪᠣᠯᠤᠭᠰᠠᠨ ᠶᠢᠷᠲᠢᠨᠴᠦ ᠳᠠᠬᠢᠨ ᠳᠤ ᠪᠠᠬᠠᠳᠤᠨ ᠭᠠᠢᠢᠬᠠᠭᠤᠯᠵᠤ᠂ ᠥᠨᠢ ᠮᠥᠩᠬᠡ ᠳᠥ ᠪᠠᠬᠠᠷᠬᠠᠨ ᠳᠡᠭᠡᠳᠦᠯᠡᠬᠦ ᠲᠩᠷᠢ ᠵᠠᠶᠠᠭᠠᠲᠤ ᠠᠤᠭ᠎ᠠ ᠶᠡᠬᠡ ᠬᠠᠭᠠᠨ ᠲᠠᠢ ᠠᠷᠠᠳ ᠲᠦᠮᠡᠨ ᠪᠢᠯᠡ᠃

ᠲᠡᠢᠢᠮᠦ ᠡᠴᠡ ᠪᠢᠳᠡ ᠬᠦᠮᠦᠨ ᠲᠥᠷᠦᠯᠬᠢᠲᠡᠨ ᠦ ᠰᠤᠤᠲᠤ ᠬᠦᠮᠦᠨ᠂ ᠬᠦᠴᠦᠷᠬᠡᠭ᠌ ᠶᠡᠬᠡ ᠬᠠᠭᠠᠨ ᠤ ᠤᠳᠤᠮ᠂ ᠶᠡᠬᠡ ᠮᠣᠩ᠋ᠭᠤᠯ ᠤᠯᠤᠰ ᠤᠨ ᠭᠠᠯ ᠭᠣᠯᠤᠮᠲᠠ ᠢᠢ ᠰᠠᠬᠢᠨ ᠰᠠᠭᠤᠭ᠎ᠠ ᠪᠠᠨ ᠭᠦᠨ ᠢᠢᠡᠨ ᠤᠬᠠᠮᠰᠠᠷᠯᠠᠨ᠂ ᠴᠠᠭᠠᠨ ᠰᠠᠷ᠎ᠠ ᠢᠢᠨ ᠰᠢᠨ᠎ᠡ ᠢᠢᠨ ᠨᠢᠭᠡᠨ ᠦ ᠪᠡᠯᠭᠡᠲᠦ ᠰᠠᠢᠢᠨ ᠡᠳᠦᠷ ᠶᠡᠬᠡ ᠬᠠᠭᠠᠨ ᠳᠤ ᠪᠠᠨ ᠰᠦᠰᠦᠯᠦᠨ ᠮᠥᠷᠭᠦᠵᠦ᠂ ᠬᠦᠨᠳᠦᠳᠬᠡᠯ ᠦᠵᠡᠭᠦᠯᠳᠡᠭ ᠪᠠᠢᠢᠬᠤ ᠤᠴᠢᠷ ᠲᠠᠢ᠃

ᠥᠨᠦᠳᠦᠷ ᠦᠨ ᠡᠨᠡᠬᠦ ᠥᠯᠵᠡᠢ ᠪᠡᠯᠭᠡᠲᠦ ᠰᠠᠢᠢᠨ ᠡᠳᠦᠷ ᠮᠣᠩ᠋ᠭᠤᠯᠴᠤᠳ ᠪᠢᠳᠡ ᠾᠦᠩᠨᠦ ᠭᠦᠷᠦᠨ ᠡᠴᠡ ᠬᠠᠳᠠᠭᠠᠯᠠᠮᠵᠢ ᠢᠢᠨ ХХ ᠵᠠᠭᠤᠨ ᠤ ᠡᠬᠢᠨ ᠦᠶ᠎ᠡ ᠬᠦᠷᠲᠡᠯᠡᠬᠢ ᠮᠣᠩ᠋ᠭᠤᠯ ᠲᠦᠮᠡᠨ ᠦ ᠲᠥᠷᠦᠲᠦ ᠶᠣᠰᠤ᠂ ᠲᠡᠦᠬᠡ ᠰᠣᠶᠤᠯ ᠤᠨ ᠪᠦᠷᠢᠨ ᠲᠡᠦᠬᠡ ᠢᠢ ᠪᠠᠭᠲᠠᠭᠠᠭᠰᠠᠨ ᠶᠡᠬᠡ ᠥᠷᠭᠦᠭᠡᠨ ᠦ ᠮᠠᠩᠨᠠᠶ ᠳᠤ ᠡᠵᠡᠨ ᠪᠣᠭᠳᠠ ᠴᠢᠩᠬᠢᠰ ᠬᠠᠭᠠᠨ ᠲᠠᠨ ᠤ ᠣᠷᠳᠤ ᠥᠷᠭᠦᠭᠡ ᠢᠢ ᠪᠡᠯᠭᠡᠳᠡᠭᠰᠡᠨ ᠶᠡᠬᠡ ᠬᠠᠭᠠᠨ ᠤ ᠥᠷᠭᠦᠭᠡ ᠢᠢ ᠪᠠᠢᠢᠭᠤᠯᠤᠨ᠂ ᠥᠨᠢ ᠮᠥᠩᠬᠡ ᠳᠥ ᠪᠠᠬᠠᠷᠬᠠᠨ ᠬᠦᠨᠳᠦᠯᠡᠬᠦ ᠠᠯᠲᠠᠨ ᠬᠥᠰᠢᠶ᠎ᠡ ᠢᠢ ᠲᠠᠨᠢ ᠶᠡᠬᠡ ᠠᠮᠤᠷ ᠠᠮᠤᠭᠤᠯᠠᠩ ᠢ ᠪᠡᠯᠭᠡᠳᠡᠭᠰᠡᠨ ᠰᠢᠲᠦᠭᠡᠨ ᠶᠡᠬᠡ ᠴᠠᠭᠠᠨ ᠲᠤᠭ᠂ ᠲᠥᠷᠦ ᠢᠢᠨ ᠬᠠᠰᠪᠤᠤ ᠲᠠᠮᠠᠭ᠎ᠠ ᠢᠢᠨ ᠬᠠᠮᠲᠤ ᠪᠦᠲᠦᠭᠡᠨ ᠵᠠᠯᠠᠵᠤ ᠪᠠᠢᠢᠭ᠎ᠠ ᠢᠢ ᠶᠡᠬᠡ ᠬᠠᠭᠠᠨ ᠲᠠ ᠰᠣᠶᠤᠷᠬᠠᠨ ᠲᠠᠭᠠᠯᠠᠨ᠎ᠠ ᠤᠤ᠃

ᠡᠵᠡᠨ ᠪᠣᠭᠳᠠ ᠴᠢᠩᠬᠢᠰ ᠬᠠᠭᠠᠨ ᠤ ᠡᠨᠡᠬᠦ ᠠᠯᠲᠠᠨ ᠬᠥᠰᠢᠶ᠎ᠡ ᠢᠢ ᠮᠣᠩ᠋ᠭᠤᠯ ᠤᠷᠠᠴᠤᠳ ᠤᠨ ᠤᠷ᠎ᠠ ᠤᠬᠠᠭᠠᠨ ᠢᠶᠠᠷ ᠤᠷᠠᠯᠢᠭ ᠤᠨ ᠥᠯᠦᠭᠡᠶ ᠨᠤᠲᠤᠭ ᠢᠲ᠋ᠠᠯᠢ ᠢᠢᠨ ᠹᠯᠣᠷᠧᠨ᠋ᠼᠧ ᠬᠣᠲᠠᠨ᠎ᠠ ᠮᠣᠩ᠋ᠭᠤᠯ ᠠᠯᠲᠠ ᠪᠠᠷ ᠤᠷᠠᠯᠠᠩ ᠪᠦᠲᠦᠭᠡᠵᠦ᠂ ᠮᠣᠩ᠋ᠭᠤᠯ ᠲᠦᠮᠡᠨ ᠦ ᠬᠦᠨᠳᠦᠯᠡᠯ ᠶᠣᠰᠤᠯᠠᠯ ᠤᠨ ᠶᠡᠬᠡ ᠪᠠᠶᠠᠷ ᠰᠠᠷ᠎ᠠ ᠰᠢᠨ᠎ᠡ ᠢᠢᠨ ᠪᠡᠯᠭᠡᠲᠦ ᠰᠠᠢᠢᠨ ᠡᠨᠡ ᠡᠳᠦᠷ ᠶᠡᠬᠡ ᠬᠠᠭᠠᠨ ᠲᠠᠨ ᠢ ᠥᠨᠳᠦᠷ ᠰᠡᠩᠲᠡᠢ ᠳᠥ ᠲᠠᠨᠢ ᠵᠠᠯᠠᠵᠤ᠂ ᠡᠷᠭᠦᠯ ᠰᠠᠴᠤᠯᠢ ᠪᠠᠷ ᠲᠠᠢᠢᠬᠤ ᠶᠡᠬᠡ ᠬᠤᠪᠢ ᠵᠠᠶᠠᠭ᠎ᠠ ᠥᠷᠭᠡᠨ ᠣᠯᠠᠨ ᠮᠣᠩ᠋ᠭᠤᠯᠴᠤᠳ ᠪᠢᠳᠡᠨ ᠳᠥ ᠲᠣᠬᠢᠶᠠᠵᠤ ᠪᠠᠢᠢᠨ᠎ᠠ᠃

ᠡᠵᠡᠨ ᠪᠣᠭᠳᠠ ᠴᠢᠩᠬᠢᠰ ᠬᠠᠭᠠᠨ ᠤ «ᠠᠯᠲᠠ ᠪᠡᠶ᠎ᠡ ᠮᠢᠨᠢ ᠠᠯᠵᠢᠶᠠᠪᠠᠰᠤ ᠠᠯᠵᠢᠶᠠᠲᠤᠭᠠᠶ᠂ ᠠᠬᠤ ᠲᠥᠷᠦ ᠮᠢᠨᠢ ᠪᠦᠦ ᠠᠯᠳᠠᠷᠠᠲᠤᠭᠠᠶ᠂ ᠪᠦᠲᠦᠨ ᠪᠡᠶ᠎ᠡ ᠮᠢᠨᠢ ᠵᠣᠪᠠᠪᠠᠰᠤ ᠵᠣᠪᠠᠲᠤᠭᠠᠶ᠂ ᠪᠦᠷᠢᠨ ᠤᠯᠤᠰ ᠮᠢᠨᠢ ᠪᠦᠦ ᠵᠠᠳᠠᠷᠠᠲᠤᠭᠠᠶ» ᠬᠡᠮᠡᠨ ᠠᠮᠢ ᠪᠡᠶ᠎ᠡ ᠡᠴᠡ ᠪᠡᠨ ᠢᠯᠡᠭᠦᠦ ᠠᠬᠤ ᠶᠡᠬᠡ ᠲᠥᠷᠦ ᠤᠯᠤᠰ ᠢᠢᠠᠨ ᠠᠰᠢᠳᠠ ᠡᠷᠬᠢᠮᠯᠡᠨ ᠳᠡᠭᠡᠳᠦᠯᠡᠬᠦ ᠤᠴᠢᠷ ᠲᠠᠢ ᠢᠢ ᠭᠡᠷᠢᠶᠡᠰᠯᠠᠨ ᠰᠠᠨᠠᠭᠤᠯᠤᠭᠰᠠᠨ ᠪᠢᠯᠢᠭ᠌ ᠰᠤᠷᠭᠠᠯ ᠮᠣᠩ᠋ᠭᠤᠯ ᠲᠦᠮᠡᠨ ᠦ ᠮᠢᠨᠢ ᠰᠡᠳᠬᠢᠯ ᠵᠢᠷᠦᠬᠡᠨ ᠳᠥ ᠥᠨᠢ ᠮᠥᠩᠬᠡ ᠳᠥ ᠣᠷᠤᠰᠢᠬᠤ ᠤᠴᠢᠷ ᠲᠠᠢ᠃

ᠮᠥᠩᠬᠡ ᠲᠩᠷᠢ ᠢᠢᠨ ᠬᠦᠴᠦᠨ ᠳᠣᠣᠷ᠎ᠠ ᠡᠵᠡᠨ ᠪᠣᠭᠳᠠ ᠴᠢᠩᠬᠢᠰ ᠬᠠᠭᠠᠨ ᠤ ᠰᠤᠤ ᠠᠯᠳᠠᠷ᠂ ᠰᠦᠷ ᠬᠦᠴᠦ ᠮᠣᠩ᠋ᠭᠤᠯᠴᠤᠳ ᠪᠢᠳᠡᠨ ᠢ ᠥᠨᠢ ᠮᠥᠩᠬᠡ ᠳᠥ ᠢᠪᠡᠭᠡᠬᠦ ᠪᠣᠯᠲᠤᠭᠠᠶ» ᠭᠡᠯ᠎ᠡ᠃