ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠦᠭᠦᠳᠡ ᠨᠠᠢᠢᠷᠠᠮᠳᠠᠬᠤ ᠫᠣᠯᠠᠨ᠋ᠳ᠋ ᠤᠯᠤᠰ ᠲᠤ ᠲᠥᠷᠦ ᠢᠢᠨ ᠠᠢᠢᠯᠴᠢᠯᠠᠯ ᠬᠢᠬᠦ ᠦᠶ᠎ᠡ ᠪᠡᠷ ᠢᠶᠡᠨ ᠲᠤᠰ ᠤᠯᠤᠰ ᠲᠤ «ᠢᠯᠡᠭᠡᠯᠲᠡ-2100» ᠲᠡᠳᠬᠦᠯᠭᠡᠲᠦ ᠬᠥᠲᠦᠯᠪᠦᠷᠢ ᠲᠥ ᠬᠠᠮᠤᠷᠤᠭᠳᠠᠨ ᠰᠤᠷᠤᠯᠴᠠᠵᠤ ᠪᠠᠢᠢᠭ᠎ᠠ ᠣᠶᠤᠲᠠᠨ ᠤᠳ ᠲᠠᠢ ᠠᠭᠤᠯᠵᠠᠯ᠎ᠠ᠃



ᠶᠡᠷᠦᠩᠬᠡᠢᠢᠯᠡᠭᠴᠢ ᠠᠷᠠᠳ ᠲᠦᠮᠡᠨ ᠦᠨ ᠢᠶᠡᠨ ᠢᠲᠡᠭᠡᠯ᠂ ᠨᠠᠢᠢᠳᠠᠪᠤᠷᠢ ᠢᠢ ᠳᠠᠭᠠᠭᠠᠵᠤ᠂ ᠬᠢᠴᠢᠶᠡᠯ ᠨᠣᠮ ᠳᠤ ᠪᠠᠨ ᠰᠢᠮᠳᠠᠨ᠂ ᠤᠯᠠᠮ ᠢᠶᠠᠷ ᠡᠬᠡ ᠣᠷᠤᠨ ᠤᠨ ᠢᠶᠠᠨ ᠬᠥᠭ᠍ᠵᠢᠯ ᠳᠡᠪᠰᠢᠯ ᠳᠥ ᠬᠤᠪᠢ ᠨᠡᠮᠡᠷᠢ ᠪᠡᠨ ᠣᠷᠤᠭᠤᠯᠬᠤ ᠢᠢ ᠶᠡᠷᠦᠩᠬᠡᠢᠢᠯᠡᠭᠴᠢ ᠬᠦᠰᠡᠯ᠎ᠡ᠃ ᠮᠥᠨ ᠣᠶᠤᠲᠠᠨ ᠵᠠᠯᠠᠭᠤᠰ ᠢ ᠡᠬᠡ ᠣᠷᠤᠨ ᠤᠨ ᠢᠶᠠᠨ ᠢᠷᠡᠭᠡᠳᠦᠶ ᠢᠢ ᠠᠪᠴᠤ ᠶᠠᠪᠤᠬᠤ ᠮᠠᠩᠯᠠᠢᠢᠯᠠᠭᠴᠢᠳ ᠪᠣᠯᠤᠨ᠎ᠠ ᠭᠡᠳᠡᠭ ᠲᠥ ᠡᠷᠡᠭᠡᠯᠵᠡᠬᠦ ᠦᠭᠡᠢ ᠪᠠᠢᠢᠭ᠎ᠠ ᠪᠠᠨ ᠢᠯᠡᠷᠬᠡᠢᠢᠯᠡᠯ᠎ᠡ᠃
ᠫᠣᠯᠠᠨ᠋ᠳ᠋ ᠲᠤ ᠵᠠᠰᠠᠭ ᠤᠨ ᠭᠠᠵᠠᠷ ᠬᠣᠭᠤᠷᠤᠨᠳᠤ ᠢᠢᠨ ᠱᠤᠭᠤᠮ ᠢᠶᠠᠷ 74 ᠣᠶᠤᠲᠠᠨ ᠰᠤᠷᠴᠤ ᠪᠠᠢᠢᠨ᠎ᠠ᠃ 2017 ᠣᠨ ᠠᠴᠠ ᠣᠨᠴᠤᠭᠤᠶ ᠪᠠᠢᠢᠳᠠᠯ ᠤᠨ ᠶᠡᠷᠦᠩᠬᠡᠶ ᠭᠠᠵᠠᠷ ᠵᠢᠯ ᠪᠦᠷᠢ ᠬᠣᠶᠠᠷ ᠣᠶᠤᠲᠠᠨ ᠢᠶᠠᠨ ᠰᠤᠷᠭᠠᠵᠤ ᠪᠡᠯᠡᠳᠬᠡᠳᠡᠭ ᠪᠣᠯᠵᠡᠢ᠃


ᠮᠣᠩ᠋ᠭᠤᠯ ᠤᠯᠤᠰ ᠤᠨ ᠶᠡᠬᠡ ᠰᠤᠷᠭᠠᠭᠤᠯᠢ ᠢᠢᠨ ᠪᠢᠽᠢᠨᠧᠰ ᠦᠨ ᠰᠤᠷᠭᠠᠭᠤᠯᠢ᠂ ᠯᠣᠳᠢᠽ ᠤᠨ ᠶᠡᠬᠡ ᠰᠤᠷᠭᠠᠭᠤᠯᠢ ᠢᠢᠨ ᠡᠳ᠋ ᠦᠨ ᠵᠠᠰᠠᠭ ᠤᠨ ᠰᠤᠷᠭᠠᠭᠤᠯᠢ ᠬᠠᠮᠲᠤᠷᠠᠨ 2018 ᠣᠨ ᠠᠴᠠ 2+2 ᠬᠥᠲᠦᠯᠪᠦᠷᠢ ᠬᠡᠷᠡᠭᠵᠢᠭᠦᠯᠵᠦ ᠪᠠᠢᠢᠨ᠎ᠠ᠃
