ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠪᠦᠭᠦᠳᠡ ᠨᠠᠢᠢᠷᠠᠮᠳᠠᠬᠤ ᠴᠧᠬᠣ᠋ ᠤᠯᠤᠰ ᠲᠤ ᠬᠢᠵᠦ ᠪᠤᠢ ᠲᠥᠷᠦ ᠢᠢᠨ ᠠᠢᠢᠯᠴᠢᠯᠠᠯ ᠦᠷᠭᠦᠯᠵᠢᠯᠡᠵᠦ ᠪᠠᠢᠢᠨ᠎ᠠ᠃
ᠠᠢᠢᠯᠴᠢᠯᠠᠯ ᠤᠨ ᠬᠦᠷᠢᠶᠡᠨ ᠳᠥ ᠫᠷᠠᠾᠠ ᠬᠣᠲᠠᠨ᠎ᠠ ᠪᠣᠯᠤᠭᠰᠠᠨ ᠴᠧᠬᠣ᠋-ᠮᠣᠩ᠋ᠭᠤᠯ ᠤᠨ ᠪᠢᠽᠢᠨᠧᠰ ᠹᠣᠷᠦᠢᠮ ᠳᠤ ᠬᠣᠶᠠᠷ ᠣᠷᠤᠨ ᠤ ᠲᠥᠷᠦ ᠢᠢᠨ ᠲᠡᠷᠢᠭᠦᠨ ᠣᠷᠤᠯᠴᠠᠵᠤ᠂ ᠬᠠᠷᠢᠯᠴᠠᠨ ᠬᠥᠷᠦᠩ᠋ᠭᠡ ᠣᠷᠤᠭᠤᠯᠵᠤ᠂ ᠬᠠᠮᠲᠤᠷᠠᠨ ᠠᠵᠢᠯᠯᠠᠬᠤ ᠢᠢ ᠠᠵᠤ ᠠᠬᠤᠶ ᠢᠢᠨ ᠨᠢᠭᠡᠴᠡ ᠨᠦᠭᠦᠳ ᠲᠥ ᠤᠷᠢᠶᠠᠯᠠᠯ᠎ᠠ᠃
ᠬᠣᠶᠠᠷ ᠶᠡᠷᠦᠩᠬᠡᠢᠢᠯᠡᠭᠴᠢ ᠢᠢᠨ ᠬᠡᠯᠡᠭᠰᠡᠨ ᠦᠭᠡᠨ ᠡᠴᠡ ᠬᠦᠷᠭᠡᠵᠦ ᠪᠠᠢᠢᠨ᠎ᠠ᠃
ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ:

ᠡᠷᠬᠢᠮ ᠬᠦᠨᠳᠦᠲᠦ ᠶᠡᠷᠦᠩᠬᠡᠢᠢᠯᠡᠭᠴᠢ ᠡ᠂
ᠡᠷᠬᠢᠮ ᠬᠦᠨᠳᠦᠲᠦ ᠬᠠᠲᠤᠭᠲᠠᠶ᠂ ᠨᠣᠶᠠᠳ ᠠ᠂
ᠡᠷᠬᠢᠮ ᠬᠦᠨᠳᠦᠲᠦ ᠪᠢᠽᠢᠨᠧᠰ ᠦᠨ ᠲᠥᠯᠦᠭᠡᠯᠡᠭᠴᠢᠳ ᠡ᠂
ᠮᠣᠩ᠋ᠭᠤᠯ ᠤᠯᠤᠰ᠂ ᠪᠦᠭᠦᠳᠡ ᠨᠠᠢᠢᠷᠠᠮᠳᠠᠬᠤ ᠴᠧᠬᠣ᠋ ᠤᠯᠤᠰ ᠬᠣᠭᠤᠷᠤᠨᠳᠤ ᠢᠢᠨ ᠬᠤᠳᠠᠯᠳᠤᠭ᠎ᠠ᠂ ᠡᠳ᠋ ᠦᠨ ᠵᠠᠰᠠᠭ ᠤᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠪᠡᠷ ᠪᠢᠽᠢᠨᠧᠰ ᠹᠣᠷᠦᠢᠮ ᠳᠤ ᠬᠦᠷᠦᠯᠴᠡᠨ ᠢᠷᠡᠭᠰᠡᠨ ᠪᠢᠽᠢᠨᠧᠰ ᠡᠷᠬᠢᠯᠡᠭᠴᠢᠳ᠂ ᠪᠠᠶᠠᠯᠢᠭ ᠪᠦᠲᠦᠭᠡᠭ᠍ᠴᠢ ᠲᠠ ᠪᠦᠬᠦᠨ ᠳᠥ ᠡᠨᠡ ᠡᠳᠦᠷ ᠦᠨ ᠮᠡᠨᠳᠦ ᠢᠢ ᠡᠷᠭᠦᠨ ᠳᠡᠪᠰᠢᠭᠦᠯᠦᠶ ᠡ᠃
ᠪᠦᠭᠦᠳᠡ ᠨᠠᠢᠢᠷᠠᠮᠳᠠᠬᠤ ᠴᠧᠬᠣ᠋ ᠤᠯᠤᠰ ᠤᠨ ᠶᠡᠷᠦᠩᠬᠡᠢᠢᠯᠡᠭᠴᠢ ᠫᠧᠲ᠋ᠷ ᠫᠠᠸᠧᠯ ᠤᠨ ᠤᠷᠢᠯᠭ᠎ᠠ ᠪᠠᠷ ᠦᠵᠡᠰᠬᠦᠯᠡᠩᠲᠦ ᠰᠠᠢᠢᠬᠠᠨ ᠴᠧᠬᠣ᠋ ᠤᠯᠤᠰ ᠲᠤ ᠬᠢᠵᠦ ᠪᠤᠢ ᠲᠥᠷᠦ ᠢᠢᠨ ᠠᠢᠢᠯᠴᠢᠯᠠᠯ ᠤᠨ ᠬᠦᠷᠢᠶᠡᠨ ᠳᠥ ᠬᠣᠶᠠᠷ ᠤᠯᠤᠰ ᠤᠨ ᠬᠠᠮᠲᠤᠷᠠᠭᠰᠠᠨ ᠪᠢᠽᠢᠨᠧᠰ ᠹᠣᠷᠦᠢᠮ ᠢ ᠡᠷᠬᠢᠮ ᠶᠡᠷᠦᠩᠬᠡᠢᠢᠯᠡᠭᠴᠢ ᠲᠠᠨ ᠲᠠᠢ ᠬᠠᠮᠲᠤᠷᠠᠨ ᠨᠡᠭᠡᠭᠡᠵᠦ ᠪᠠᠢᠢᠭ᠎ᠠ ᠳᠤ ᠪᠠᠨ ᠪᠠᠶᠠᠷ ᠲᠠᠢ ᠪᠠᠢᠢᠨ᠎ᠠ᠃
ᠡᠨᠡ ᠵᠢᠯ ᠮᠠᠨ ᠤ ᠬᠣᠶᠠᠷ ᠤᠯᠤᠰ ᠤᠨ ᠬᠣᠭᠤᠷᠤᠨᠳᠤ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 75 ᠵᠢᠯ ᠦᠨ ᠣᠢ ᠲᠣᠬᠢᠶᠠᠵᠤ ᠪᠤᠢ ᠬᠡᠳᠦᠢ ᠴᠦ ᠬᠣᠶᠠᠷ ᠣᠷᠤᠨ ᠤ ᠠᠷᠠᠳ ᠲᠦᠮᠡᠨ ᠦ ᠬᠠᠷᠢᠯᠴᠠᠭ᠎ᠠ᠂ ᠬᠤᠳᠠᠯᠳᠤᠭ᠎ᠠ᠂ ᠡᠳ᠋ ᠦᠨ ᠵᠠᠰᠠᠭ ᠤᠨ ᠬᠠᠷᠢᠯᠴᠠᠭ᠎ᠠ ᠡᠭᠦᠨ ᠡᠴᠡ ᠴᠦ ᠣᠯᠠᠨ ᠵᠢᠯ ᠦᠨ ᠲᠡᠦᠬᠡ ᠲᠡᠢ ᠪᠢᠯᠡ᠃
1920 ᠊ᠭᠠᠳ ᠣᠨ ᠤ ᠡᠬᠢ ᠪᠡᠷ ᠲᠤᠬᠠᠶ ᠢᠢᠨ ᠦᠶ᠎ᠡ ᠢᠢᠨ ᠴᠧᠬᠣ᠋ ᠰᠯᠣᠸᠠᠻᠢᠶ ᠠ ᠢᠷᠭᠡᠳ ᠮᠠᠨ ᠤ ᠤᠯᠤᠰ ᠲᠤ ᠠᠩᠬᠠᠨ ᠤ ᠰᠢᠷ᠎ᠠ ᠠᠢᠢᠷᠠᠭ ᠤᠨ ᠦᠢᠯᠡᠳᠪᠦᠷᠢ ᠪᠠᠢᠢᠭᠤᠯᠬᠤ᠂ ᠴᠠᠬᠢᠯᠭᠠᠨ ᠬᠣᠯᠪᠤᠭ᠎ᠠ ᠰᠠᠭᠤᠷᠢᠯᠠᠭᠤᠯᠬᠤ ᠳᠤ ᠭᠠᠷ ᠪᠡᠶ᠎ᠡ ᠣᠷᠤᠯᠴᠠᠵᠤ ᠪᠠᠢᠢᠭᠰᠠᠨ ᠤ ᠵᠡᠷᠭᠡᠴᠡᠭᠡ ᠵᠠᠮ ᠤᠨ-ᠡᠭᠦᠳᠡ ᠴᠢᠭᠯᠡᠯ ᠦᠨ ᠵᠢᠷᠭᠤᠭᠠᠨ ᠮᠣᠷᠢᠨ ᠥᠷᠲᠡᠭᠡ ᠢᠢ ᠬᠣᠶᠠᠷ ᠢᠷᠭᠡᠨ ᠵᠢᠷᠭᠤᠭᠠᠨ ᠵᠢᠯ ᠦᠨ ᠬᠤᠭᠤᠴᠠᠭ᠎ᠠ ᠲᠠᠢ ᠲᠦᠷᠢᠶᠡᠰᠦᠯᠡᠵᠦ ᠪᠠᠢᠢᠭᠰᠠᠨ ᠮᠡᠳᠡᠭᠡ ᠪᠠᠢᠢᠳᠠᠭ᠃
1990 ᠣᠨ ᠢ ᠬᠦᠷᠲᠡᠯᠡᠬᠢ ᠬᠤᠭᠤᠴᠠᠭᠠᠨ ᠳᠤ ᠴᠧᠬᠣ᠋ ᠤᠯᠤᠰ ᠨᠢ ᠮᠠᠨ ᠤ ᠤᠯᠤᠰ ᠤᠨ ᠬᠤᠳᠠᠯᠳᠤᠭ᠎ᠠ᠂ ᠬᠥᠷᠦᠩ᠋ᠭᠡ ᠣᠷᠤᠭᠤᠯᠤᠯᠲᠠ ᠢᠢᠨ ᠬᠣᠶᠠᠷ ᠳ᠋ᠠᠬᠢ ᠲᠣᠮᠤ ᠲᠦᠩᠰᠢ ᠪᠠᠢᠢᠭᠰᠠᠨ ᠪᠥᠭᠡᠳ ᠠᠭᠤᠯᠠ ᠠᠭᠤᠷᠬᠠᠶ᠂ ᠠᠰᠢᠭᠲᠤ ᠮᠠᠯᠲᠠᠮᠠᠯ᠂ ᠳᠡᠳ᠋ ᠪᠦᠲᠦᠴᠡ᠂ ᠠᠵᠤ ᠦᠢᠯᠡᠳᠪᠦᠷᠢ᠂ ᠡᠷᠡᠭᠦᠯ ᠮᠡᠨᠳᠦ᠂ ᠬᠥᠳᠡᠭᠡ ᠠᠵᠤ ᠠᠬᠤᠶ᠂ ᠪᠠᠷᠢᠯᠭ᠎ᠠ ᠢᠢᠨ ᠰᠠᠯᠪᠤᠷᠢ ᠳᠤ ᠬᠠᠮᠲᠤᠷᠠᠨ ᠠᠵᠢᠯᠯᠠᠵᠤ ᠪᠠᠢᠢᠭᠰᠠᠨ ᠲᠡᠦᠬᠡᠨ ᠤᠯᠠᠮᠵᠢᠯᠠᠯ ᠲᠠᠢ᠃
ᠲᠡᠢᠢᠮᠦ ᠡᠴᠡ ᠡᠨᠡ ᠤᠯᠠᠮᠵᠢᠯᠠᠯ ᠢᠢᠠᠨ ᠥᠨᠦ ᠴᠠᠭ ᠲᠤ ᠤᠯᠠᠮ ᠥᠷᠭᠡᠵᠢᠭᠦᠯᠦᠨ ᠬᠥᠭ᠍ᠵᠢᠭᠦᠯᠬᠦ ᠬᠦᠰᠡᠯ ᠡᠷᠡᠮᠡᠯᠵᠡᠯ ᠳᠦᠭᠦᠷᠡᠩ ᠪᠠᠢᠢᠭ᠎ᠠ ᠪᠠᠨ ᠣᠨᠴᠠᠯᠠᠨ ᠬᠡᠯᠡᠶ ᠡ᠃
ᠴᠧᠬᠣ᠋ ᠢᠢᠨ «ᠱᠻᠣᠳᠠ» ᠠᠦ᠋ᠲ᠋ᠣᠮᠠᠱᠢᠨ᠂ «ᠻᠠᠷᠣᠰᠠ» ᠠᠦ᠋ᠲ᠋ᠣᠪᠦ᠋ᠰ᠂ «ᠶᠠᠸᠠ» ᠮᠣᠲ᠋ᠤᠼᠢᠻᠯ᠂ «ᠲᠠᠲ᠋ᠷᠠ» ᠬᠦᠨᠳᠦ ᠣᠪᠤᠷ ᠤᠨ ᠮᠠᠱᠢᠨ᠂ ᠭᠤᠲᠤᠯ᠂ ᠪᠤᠤ ᠵᠡᠪᠰᠡᠭ᠂ ᠪᠣᠯᠤᠷ᠂ ᠱᠠᠭᠠᠵᠠᠩ ᠡᠳ᠋ᠯᠡᠯ ᠵᠡᠷᠭᠡ ᠨᠢ ᠮᠣᠩ᠋ᠭᠤᠯᠴᠤᠳ ᠪᠢᠳᠡᠨ ᠦ ᠬᠡᠵᠢᠶᠡᠨ ᠦ ᠲᠠᠨᠢᠯ᠂ ᠬᠡᠷᠡᠭᠯᠡᠵᠦ ᠰᠤᠷᠤᠭᠰᠠᠨ ᠪᠠᠷᠠᠭ᠎ᠠ᠂ ᠪᠦᠲᠦᠭᠡᠭ᠍ᠳᠡᠬᠦᠨ ᠪᠥᠭᠡᠳ ᠡᠳᠡᠭᠡᠷ ᠦᠨ ᠴᠠᠭᠠᠨ᠎ᠠ «ᠴᠧᠬᠣ᠋ ᠴᠢᠨᠠᠷ» ᠭᠡᠰᠡᠨ ᠣᠢᠢᠯᠠᠭᠠᠯᠲᠠ ᠢᠮᠠᠭᠲᠠ ᠬᠠᠮᠲᠤ ᠪᠠᠢᠢᠳᠠᠭ ᠪᠢᠯᠡ᠃
ᠴᠧᠬᠣ᠋ ᠢᠢᠨ ᠵᠠᠰᠠᠭ ᠤᠨ ᠭᠠᠵᠠᠷ 1996-2017 ᠣᠨ ᠳᠤ ᠮᠠᠨ ᠤ ᠤᠯᠤᠰ ᠲᠤ 50 ᠭᠠᠷᠤᠶ ᠰᠠᠶ᠎ᠠ ᠠᠮᠠ᠊·ᠳ᠋ᠣᠯᠯᠠᠷ ᠤᠨ ᠬᠥᠭ᠍ᠵᠢᠯ ᠦᠨ ᠲᠤᠰᠠᠯᠠᠮᠵᠢ ᠦᠵᠡᠭᠦᠯᠦᠭᠰᠡᠨ ᠨᠢ ᠬᠣᠶᠠᠷ ᠤᠯᠤᠰ ᠤᠨ ᠬᠤᠳᠠᠯᠳᠤᠭ᠎ᠠ᠂ ᠡᠳ᠋ ᠦᠨ ᠵᠠᠰᠠᠭ ᠤᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠳᠥ ᠵᠣᠬᠢᠬᠤ ᠬᠤᠪᠢ ᠨᠡᠮᠡᠷᠢ ᠪᠡᠨ ᠣᠷᠤᠭᠤᠯᠤᠭᠰᠠᠨ᠃ ᠡᠨᠡ ᠬᠠᠮᠲᠤ ᠢᠢᠨ ᠠᠵᠢᠯᠯᠠᠭ᠎ᠠ ᠢᠢ ᠴᠢᠨᠠᠭᠰᠢᠳᠠ ᠤᠯᠠᠮ ᠬᠠᠷᠢᠯᠴᠠᠨ ᠠᠰᠢᠭ ᠲᠠᠢ ᠬᠥᠭ᠍ᠵᠢᠭᠦᠯᠬᠦ ᠳᠥ ᠡᠨᠡ ᠪᠢᠽᠢᠨᠧᠰ ᠹᠣᠷᠦᠢᠮ ᠴᠢᠬᠤᠯᠠ ᠠᠴᠢ ᠬᠣᠯᠪᠤᠭᠳᠠᠯ ᠲᠠᠢ᠃
ᠡᠨᠡ ᠤᠳᠠᠭ᠎ᠠ ᠢᠢᠨ ᠲᠥᠷᠦ ᠢᠢᠨ ᠠᠢᠢᠯᠴᠢᠯᠠᠯ ᠢᠶᠠᠷ ᠬᠣᠶᠠᠷ ᠤᠯᠤᠰ «ᠢᠵᠢ ᠪᠦᠷᠢᠨ ᠲᠦᠩᠰᠢᠯᠡᠯ ᠦᠨ ᠲᠤᠬᠠᠶ ᠮᠣᠩ᠋ᠭᠤᠯ ᠤᠯᠤᠰ᠂ ᠪᠦᠭᠦᠳᠡ ᠨᠠᠢᠢᠷᠠᠮᠳᠠᠬᠤ ᠴᠧᠬᠣ᠋ ᠤᠯᠤᠰ ᠤᠨ ᠬᠠᠮᠲᠤᠷᠠᠭᠰᠠᠨ ᠲᠤᠩᠬᠠᠭᠯᠠᠯ» ᠭᠠᠷᠭᠠᠭᠰᠠᠨ ᠤ ᠵᠡᠷᠭᠡᠴᠡᠭᠡ᠂ «ᠲᠡᠷᠪᠤᠮ ᠮᠣᠳᠤ»᠂ «ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ»᠂ «ᠴᠠᠭᠠᠨ ᠠᠯᠲᠠ» ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠴᠧᠬᠣ᠋ ᠢᠢᠨ ᠳᠡᠪᠰᠢᠯᠲᠡᠲᠦ ᠲᠧᠭᠨᠢᠭ᠂ ᠲ᠋ᠧᠭᠨᠣᠯᠤᠭᠢ᠂ ᠨᠣ᠊ᠦ᠋-ᠾᠠ᠊ᠦ᠋᠂ ᠢᠨ᠋᠊ᠨᠣᠸᠠᠼ ᠨᠤᠲᠤᠭᠰᠢᠭᠤᠯᠵᠤ᠂ ᠪᠢᠽᠢᠨᠧᠰ ᠡᠷᠬᠢᠯᠡᠭᠴᠢᠳ ᠢᠢᠡᠨ ᠳᠡᠮᠵᠢᠬᠦ ᠪᠡᠨ ᠢᠯᠡᠷᠬᠡᠢᠢᠯᠡᠯ᠎ᠡ᠃
ᠮᠣᠩ᠋ᠭᠤᠯ ᠤᠯᠤᠰ ᠤᠨ ᠲᠥᠷᠦ᠂ ᠵᠠᠰᠠᠭ «ᠬᠠᠯᠠᠮᠵᠢ ᠠᠴᠠ ᠬᠥᠳᠡᠯᠮᠦᠷᠢ ᠳᠥ᠂ ᠣᠯᠪᠤᠷᠢᠯᠠᠯᠲᠠ ᠠᠴᠠ ᠪᠣᠯᠪᠠᠰᠤᠷᠠᠭᠤᠯᠤᠯᠲᠠ ᠳᠤ᠂ ᠢᠮᠫᠣᠷᠲ ᠠᠴᠠ ᠡᠻᠰᠫᠣᠷᠲ ᠲᠤ» ᠰᠢᠯᠵᠢᠬᠦ ᠰᠠᠭᠤᠷᠢ ᠰᠢᠨᠡᠴᠢᠯᠡᠯ ᠬᠢᠵᠦ ᠪᠠᠢᠢᠨ᠎ᠠ᠃ ᠡᠷᠴᠢᠮ ᠬᠦᠴᠦᠨ ᠦ ᠳᠣᠲᠤᠭᠠᠳᠤ ᠢᠢᠨ ᠦᠢᠯᠡᠳᠪᠦᠷᠢᠯᠡᠯ ᠢ ᠨᠡᠮᠡᠭᠳᠡᠭᠦᠯᠬᠦ᠂ ᠠᠵᠤ ᠦᠢᠯᠡᠳᠪᠦᠷᠢᠵᠢᠯᠲᠡ᠂ ᠪᠦᠰᠡᠴᠢᠯᠠᠭ᠍ᠰᠡᠨ ᠬᠥᠭ᠍ᠵᠢᠯ᠂ ᠰᠢᠨ᠎ᠡ ᠬᠣᠲᠠ ᠢᠢᠨ ᠪᠦᠲᠦᠭᠡᠨ ᠪᠠᠢᠢᠭᠤᠯᠤᠯᠲᠠ ᠵᠡᠷᠭᠡ ᠰᠲ᠋ᠷᠠᠲ᠋ᠧᠭᠢ ᠢᠢᠨ ᠠᠴᠢ ᠬᠣᠯᠪᠤᠭᠳᠠᠯ ᠪᠦᠬᠦᠢ᠂ ᠡᠳ᠋ ᠦᠨ ᠵᠠᠰᠠᠭ ᠢ ᠲᠡᠯᠡᠬᠦ 14 ᠮᠧᠭ᠎ᠠ ᠲᠥᠰᠦᠯ ᠬᠡᠷᠡᠭᠵᠢᠭᠦᠯᠬᠦ ᠢᠢ ᠵᠣᠷᠢᠵᠤ ᠪᠠᠢᠢᠨ᠎ᠠ᠃
ᠡᠨᠡ ᠬᠦᠷᠢᠶᠡᠨ ᠳᠥ ᠠᠵᠤ ᠦᠢᠯᠡᠳᠪᠦᠷᠢᠯᠡᠯ ᠢ ᠬᠥᠭ᠍ᠵᠢᠭᠦᠯᠬᠦ᠂ ᠬᠥᠷᠦᠩ᠋ᠭᠡ ᠣᠷᠤᠭᠤᠯᠤᠯᠲᠠ ᠢᠢᠨ ᠣᠷᠴᠢᠨ ᠢ ᠰᠠᠢᠢᠵᠢᠷᠠᠭᠤᠯᠬᠤ ᠳᠤ ᠣᠨᠴᠤᠭᠤᠶ ᠠᠩᠬᠠᠷᠴᠤ᠂ ᠡᠳᠡᠭᠡᠷ ᠰᠠᠨᠠᠯ᠂ ᠰᠠᠨᠠᠭᠠᠴᠢᠯᠠᠭ᠎ᠠ᠂ ᠵᠣᠷᠢᠯᠲᠠ ᠢᠢ ᠬᠡᠷᠡᠭᠵᠢᠭᠦᠯᠬᠦ ᠳᠥ ᠪᠢᠳᠡᠨ ᠦ ᠨᠠᠢᠢᠳᠠᠪᠤᠷᠢ ᠲᠠᠢ ᠲᠦᠩᠰᠢ᠂ ᠥᠨᠳᠦᠷ ᠠᠵᠤ ᠦᠢᠯᠡᠳᠪᠦᠷᠢᠵᠢᠭᠰᠡᠨ ᠴᠧᠬᠣ᠋ ᠢᠢᠨ ᠪᠢᠽᠢᠨᠧᠰ ᠡᠷᠬᠢᠯᠡᠭᠴᠢᠳ ᠦᠨ ᠮᠡᠳᠡᠯᠭᠡ᠂ ᠲᠤᠷᠰᠢᠯᠭ᠎ᠠ᠂ ᠳᠡᠪᠰᠢᠯᠲᠡᠲᠦ ᠲᠧᠭᠨᠢᠭ᠂ ᠲ᠋ᠧᠭᠨᠣᠯᠤᠭᠢ᠂ ᠢᠨ᠋᠊ᠨᠣᠸᠠᠼ᠂ ᠬᠥᠷᠦᠩ᠋ᠭᠡ ᠣᠷᠤᠭᠤᠯᠤᠯᠲᠠ ᠣᠨᠴᠤᠭᠤᠶ ᠴᠢᠬᠤᠯᠠ ᠡᠭᠦᠷᠭᠡ ᠲᠡᠢ᠃
ᠡᠨᠳᠡ ᠬᠤᠷᠠᠨ ᠴᠢᠭᠤᠯᠤᠭᠰᠠᠨ ᠪᠢᠽᠢᠨᠧᠰ ᠡᠷᠬᠢᠯᠡᠭᠴᠢ ᠲᠠ ᠪᠦᠬᠦᠨ ᠳᠥ ᠴᠦ ᠪᠢᠳᠡᠨ ᠲᠡᠢ ᠬᠠᠮᠲᠤᠷᠠᠨ ᠠᠵᠢᠯᠯᠠᠬᠤ ᠬᠦᠰᠡᠯ᠂ ᠰᠣᠨᠢᠷᠬᠠᠯ ᠳᠦᠭᠦᠷᠡᠩ ᠪᠠᠢᠢᠭ᠎ᠠ ᠭᠡᠳᠡᠭ ᠲᠥ ᠢᠲᠡᠭᠡᠯ ᠲᠡᠢ ᠪᠠᠢᠢᠨ᠎ᠠ᠃
ᠮᠣᠩ᠋ᠭᠤᠯ ᠤᠯᠤᠰ ᠬᠥᠷᠦᠩ᠋ᠭᠡ ᠣᠷᠤᠭᠤᠯᠤᠯᠲᠠ ᠢᠢᠨ ᠪᠣᠳᠤᠯᠭ᠎ᠠ ᠪᠠᠨ ᠤᠯᠠᠮ ᠰᠠᠢᠢᠵᠢᠷᠠᠭᠤᠯᠵᠤ᠂ ᠲᠣᠭᠲᠠᠪᠤᠷᠢ ᠲᠠᠢ᠂ ᠲᠤᠭᠤᠰᠢᠲᠠᠢ ᠪᠠᠢᠢᠵᠤ᠂ «ᠢᠲᠡᠭᠡᠯ ᠲᠡᠢ᠂ ᠨᠠᠢᠢᠳᠠᠪᠤᠷᠢ ᠲᠠᠢ᠂ ᠤᠳᠠᠭᠠᠨ ᠬᠤᠭᠤᠴᠠᠭᠠᠨ ᠤ ᠲᠦᠩᠰᠢ» ᠪᠠᠢᠢᠬᠤ ᠵᠠᠷᠴᠢᠮ ᠪᠠᠷᠢᠮᠲᠠᠯᠠᠨ᠂ ᠬᠥᠷᠦᠩ᠋ᠭᠡ ᠣᠷᠤᠭᠤᠯᠤᠯᠲᠠ ᠢᠢᠨ ᠣᠷᠴᠢᠨ ᠢ ᠰᠠᠢᠢᠵᠢᠷᠠᠭᠤᠯᠬᠤ᠂ ᠬᠥᠷᠦᠩ᠋ᠭᠡ ᠣᠷᠤᠭᠤᠯᠤᠭᠴᠢᠳ ᠤᠨ ᠡᠷᠬᠡ ᠠᠰᠢᠭ ᠢ ᠬᠠᠮᠠᠭᠠᠯᠠᠬᠤ ᠴᠢᠭᠯᠡᠯ ᠢᠶᠡᠷ ᠰᠢᠨᠡᠴᠢᠯᠡᠯ ᠬᠢᠵᠦ ᠪᠠᠢᠢᠭ᠎ᠠ ᠢᠢ ᠬᠡᠯᠡᠬᠦ ᠳᠥ ᠲᠠᠭᠠᠲᠠᠢ ᠪᠠᠢᠢᠨ᠎ᠠ᠃
ᠳᠠᠯᠠᠢ ᠳᠤ ᠭᠠᠷᠴᠠ ᠦᠭᠡᠢ ᠮᠠᠨ ᠤ ᠬᠣᠶᠠᠷ ᠤᠯᠤᠰ ᠤᠨ ᠬᠤᠪᠢ ᠳᠤ ᠠᠴᠢᠶ᠎ᠠ ᠪᠠᠷᠠᠭ᠎ᠠ ᠲᠡᠭᠡᠭᠡᠪᠦᠷᠢᠯᠡᠯᠲᠡ ᠪᠢᠳᠡᠨ ᠦ ᠲᠤᠯᠭᠠᠮᠳᠠᠭᠰᠠᠨ ᠠᠰᠠᠭᠤᠳᠠᠯ ᠪᠠᠢᠢᠳᠠᠭ ᠪᠢᠯᠡ᠃ ᠮᠣᠩ᠋ᠭᠤᠯ ᠤᠯᠤᠰ ᠲᠡᠮᠦᠷ ᠵᠠᠮ᠂ ᠠᠦ᠋ᠲ᠋ᠣ᠋ ᠵᠠᠮ ᠪᠣᠯᠤᠨ ᠠᠭᠠᠷ ᠤᠨ ᠲᠡᠭᠡᠭᠡᠪᠦᠷᠢ ᠢᠢᠨ ᠰᠠᠯᠪᠤᠷᠢ ᠢᠢᠨ ᠬᠠᠮᠲᠤ ᠢᠢᠨ ᠠᠵᠢᠯᠯᠠᠭ᠎ᠠ ᠢᠢ «ᠭᠤᠷᠪᠠᠳᠠᠭᠴᠢ ᠬᠥᠷᠰᠢ» ᠤᠯᠤᠰ ᠤᠳ ᠲᠠᠢ ᠥᠷᠭᠡᠵᠢᠭᠦᠯᠦᠨ ᠬᠥᠭ᠍ᠵᠢᠭᠦᠯᠬᠦ ᠵᠠᠷᠴᠢᠮ ᠪᠠᠷᠢᠮᠲᠠᠯᠠᠵᠤ ᠪᠠᠢᠢᠨ᠎ᠠ᠃
ᠴᠧᠬᠣ᠋ ᠢᠢᠨ ᠠᠵᠤ ᠠᠬᠤᠶ ᠢᠢᠨ ᠨᠢᠭᠡᠴᠡ ᠨᠦᠭᠦᠳ ᠲᠡᠢ ᠬᠠᠮᠲᠤᠷᠠᠨ ᠻᠠᠷᠭᠣ᠋᠂ ᠲᠡᠭᠡᠭᠡᠪᠦᠷᠢ ᠯᠣᠵᠢᠰᠲ᠋ᠢᠭ ᠤᠨ ᠰᠢᠨ᠎ᠡ ᠰᠢᠢᠳᠦᠯ ᠦᠳ ᠢ ᠡᠷᠢᠯᠬᠢᠯᠡᠬᠦ ᠰᠣᠨᠢᠷᠬᠠᠯ ᠲᠠᠢ ᠪᠠᠢᠢᠨ᠎ᠠ᠃
ᠬᠣᠶᠠᠷ ᠤᠯᠤᠰ ᠤᠨ ᠬᠤᠳᠠᠯᠳᠤᠭᠠᠨ ᠤ ᠡᠷᠭᠢᠯᠲᠡ ᠵᠢᠯ ᠢᠷᠡᠬᠦ ᠲᠤᠰᠤᠮ ᠨᠡᠮᠡᠭᠳᠡᠵᠦ ᠪᠠᠢᠢᠭ᠎ᠠ ᠬᠡᠳᠦᠢ ᠴᠦ ᠮᠠᠨ ᠤ ᠡᠻᠰᠫᠣᠷᠲ ᠤᠨ ᠬᠡᠮᠵᠢᠶ᠎ᠡ ᠴᠢᠮᠠᠯᠠᠯᠲᠠ ᠲᠠᠢ ᠬᠡᠪ ᠢᠶᠡᠷ ᠪᠠᠢᠢᠨ᠎ᠠ᠃ ᠡᠢᠢᠮᠦ ᠳᠥ ᠧᠦ᠋ᠷᠣᠫᠠ ᠢᠢᠨ ᠬᠣᠯᠪᠤᠭᠠᠨ ᠤ ᠬᠥᠩ᠋ᠭᠡᠯᠡᠯᠲᠡ ᠢᠢᠨ ᠶᠡᠷᠦᠩᠬᠡᠶ ᠰᠢᠰᠲ᠋ᠧᠮ ᠦᠨ ᠬᠦᠷᠢᠶᠡᠨ ᠳᠥ 7.200 ᠨᠡᠷ᠎ᠡ ᠲᠥᠷᠦᠯ ᠦᠨ ᠪᠠᠷᠠᠭ᠎ᠠ᠂ ᠪᠦᠲᠦᠭᠡᠭ᠍ᠳᠡᠬᠦᠨ ᠢ ᠧᠦ᠋ᠷᠣᠫᠠ ᠢᠢᠨ ᠬᠣᠯᠪᠤᠭᠠᠨ ᠤ ᠵᠠᠬ᠎ᠠ ᠵᠡᠭᠡᠯᠢ ᠳᠥ ᠭᠠᠢᠢᠯᠢ ᠢᠢᠨ ᠲᠠᠲᠠᠪᠤᠷᠢ ᠦᠭᠡᠢ ᠭᠠᠷᠭᠠᠬᠤ ᠪᠣᠯᠤᠮᠵᠢ ᠢᠢ ᠠᠰᠢᠭᠯᠠᠵᠤ᠂ ᠪᠢᠽᠢᠨᠧᠰ ᠦᠨ ᠬᠠᠮᠲᠤ ᠢᠢᠨ ᠠᠵᠢᠯᠯᠠᠭ᠎ᠠ ᠪᠠᠨ ᠤᠯᠠᠮ ᠥᠷᠭᠡᠵᠢᠭᠦᠯᠬᠦ ᠢᠢ ᠤᠷᠢᠶᠠᠯᠵᠤ ᠪᠠᠢᠢᠨ᠎ᠠ᠃
ᠪᠢᠽᠢᠨᠧᠰ ᠹᠣᠷᠦᠢᠮ ᠢ ᠵᠣᠬᠢᠶᠠᠨ ᠪᠠᠢᠢᠭᠤᠯᠵᠤ ᠪᠤᠢ ᠬᠣᠶᠠᠷ ᠣᠷᠤᠨ ᠤ ᠲᠥᠷᠦ᠂ ᠵᠠᠰᠠᠭ ᠤᠨ ᠪᠠᠢᠢᠭᠤᠯᠤᠯᠭ᠎ᠠ᠂ ᠬᠤᠳᠠᠯᠳᠤᠭ᠎ᠠ ᠠᠵᠤ ᠦᠢᠯᠡᠳᠪᠦᠷᠢ ᠢᠢᠨ ᠲᠠᠩᠬᠢᠮ᠂ ᠪᠢᠽᠢᠨᠧᠰ ᠦᠨ ᠲᠥᠯᠦᠭᠡᠯᠡᠯ᠂ ᠬᠠᠮᠲᠤᠷᠠᠭᠴᠢ᠂ ᠳᠡᠮᠵᠢᠭ᠍ᠴᠢ ᠪᠠᠢᠢᠭᠤᠯᠤᠯᠭ᠎ᠠ ᠨᠤᠭᠤᠳ ᠲᠤ ᠭᠦᠨ ᠲᠠᠯᠠᠷᠬᠠᠯ ᠢᠯᠡᠷᠬᠡᠢᠢᠯᠡᠶ ᠡ᠃
ᠲᠠ ᠪᠦᠬᠦᠨ ᠢ ᠮᠣᠩ᠋ᠭᠤᠯ ᠤᠯᠤᠰ ᠲᠤ ᠬᠥᠷᠦᠩ᠋ᠭᠡ ᠣᠷᠤᠭᠤᠯᠵᠤ᠂ ᠬᠠᠷᠢᠯᠴᠠᠨ ᠠᠰᠢᠭ ᠲᠠᠢ ᠬᠠᠮᠲᠤᠷᠠᠨ ᠠᠵᠢᠯᠯᠠᠬᠤ ᠢᠢ ᠤᠷᠢᠵᠤ ᠪᠠᠢᠢᠨ᠎ᠠ᠃
ᠪᠦᠭᠦᠳᠡ ᠨᠠᠢᠢᠷᠠᠮᠳᠠᠬᠤ ᠴᠧᠬᠣ᠋ ᠤᠯᠤᠰ ᠤᠨ ᠶᠡᠷᠦᠩᠬᠡᠢᠢᠯᠡᠭᠴᠢ ᠫᠧᠲ᠋ᠷ ᠫᠠᠸᠧᠯ:

ᠡᠷᠬᠢᠮ ᠬᠦᠨᠳᠦᠲᠦ ᠶᠡᠷᠦᠩᠬᠡᠢᠢᠯᠡᠭᠴᠢ ᠡ᠂
ᠡᠷᠬᠢᠮ ᠰᠠᠢᠢᠳ ᠯᠢᠫᠠᠸᠰᠻᠢ᠂
ᠡᠷᠬᠢᠮᠰᠦᠭ ᠬᠠᠲᠤᠭᠲᠠᠶ᠂ ᠨᠣᠶᠠᠳ ᠠ᠂
ᠥᠨᠦᠳᠦᠷ ᠴᠧᠬᠣ᠋-ᠮᠣᠩ᠋ᠭᠤᠯ ᠤᠨ ᠪᠢᠽᠢᠨᠧᠰ ᠹᠣᠷᠦᠢᠮ ᠤᠨ ᠨᠡᠭᠡᠭᠡᠯᠲᠡ ᠳᠥ ᠣᠷᠤᠯᠴᠠᠵᠤ᠂ ᠦᠭᠡ ᠬᠡᠯᠡᠬᠦ ᠵᠠᠪᠰᠢᠶᠠᠨ ᠲᠣᠬᠢᠶᠠᠵᠤ ᠪᠠᠢᠢᠭᠠᠳ ᠪᠠᠶᠠᠷ ᠲᠠᠢ ᠪᠠᠢᠢᠨ᠎ᠠ᠃
ᠬᠣᠶᠠᠷ ᠲᠠᠯ᠎ᠠ ᠠᠴᠠ ᠡᠢᠢᠮᠦ ᠥᠨᠳᠦᠷ ᠢᠷᠡᠴᠡ ᠲᠡᠢ ᠣᠷᠤᠯᠴᠠᠨ᠎ᠠ ᠭᠡᠵᠦ ᠲᠥᠰᠦᠭᠡᠯᠡᠭᠡ ᠦᠭᠡᠢ ᠭᠡᠳᠡᠭ ᠢᠢᠡᠨ ᠬᠦᠯᠢᠶᠡᠨ ᠵᠥᠪᠰᠢᠶᠡᠷᠡᠵᠦ ᠪᠠᠢᠢᠨ᠎ᠠ᠃ ᠮᠣᠩ᠋ᠭᠤᠯ ᠤᠯᠤᠰ ᠬᠡᠳᠦᠢ ᠪᠡᠷ ᠬᠦᠮᠦᠨ ᠠᠮᠠ ᠢᠢᠨ ᠬᠤᠪᠢ ᠳᠤ ᠵᠢᠵᠢᠭ ᠵᠠᠬ᠎ᠠ ᠵᠡᠭᠡᠯᠢ ᠬᠡᠳᠦᠢ ᠴᠦ ᠮᠠᠨ ᠤ ᠠᠵᠤ ᠠᠬᠤᠶ ᠢᠢᠨ ᠨᠢᠭᠡᠴᠡ ᠨᠦᠭᠦᠳ ᠦᠨ ᠬᠤᠪᠢ ᠳᠤ ᠮᠠᠰᠢ ᠰᠣᠨᠢᠷᠬᠠᠯ ᠲᠠᠢ ᠵᠠᠬ᠎ᠠ ᠵᠡᠭᠡᠯᠢ ᠪᠣᠯᠤᠭᠰᠠᠨ ᠤ ᠢᠯᠡᠷᠡᠯ ᠭᠡᠵᠦ ᠦᠵᠡᠵᠦ ᠪᠠᠢᠢᠨ᠎ᠠ᠃
ᠪᠢᠽᠢᠨᠧᠰ ᠹᠣᠷᠦᠢᠮ ᠢ ᠵᠣᠬᠢᠶᠠᠨ ᠪᠠᠢᠢᠭᠤᠯᠤᠭᠰᠠᠨ ᠬᠣᠶᠠᠷ ᠲᠠᠯ᠎ᠠ ᠢᠢᠨ ᠪᠦᠬᠦ ᠬᠦᠮᠦᠨ᠂ ᠪᠠᠢᠢᠭᠤᠯᠤᠯᠭ᠎ᠠ ᠳᠤ ᠲᠠᠯᠠᠷᠬᠠᠯ ᠢᠯᠡᠷᠬᠡᠢᠢᠯᠡᠶ ᠡ᠃
ᠮᠣᠩ᠋ᠭᠤᠯ ᠪᠣᠯ ᠪᠢᠳᠡᠨ ᠦ ᠣᠯᠠᠨ ᠠᠷᠪᠠᠨ ᠵᠢᠯ ᠬᠠᠮᠲᠤᠷᠠᠨ ᠠᠵᠢᠯᠯᠠᠵᠤ ᠢᠷᠡᠭᠰᠡᠨ ᠤᠯᠠᠮᠵᠢᠯᠠᠯᠲᠤ ᠲᠦᠩᠰᠢ ᠶᠤᠮ᠃ ᠥᠨᠦᠳᠦᠷ ᠮᠢᠨᠦ ᠪᠡᠶ᠎ᠡ ᠶᠡᠷᠦᠩᠬᠡᠢᠢᠯᠡᠭᠴᠢ ᠤ·ᠬᠦᠷᠡᠯᠰᠦ᠋ᠬᠡ ᠳᠥ ᠬᠡᠯᠡᠬᠦ ᠳᠥ ᠪᠡᠨ᠂ ᠮᠣᠩ᠋ᠭᠤᠯ ᠤᠯᠤᠰ ᠤᠨ ᠦᠢᠯᠡᠳᠪᠦᠷᠢᠵᠢᠯᠲᠡ᠂ ᠬᠥᠭ᠍ᠵᠢᠯ ᠳᠥ ᠮᠠᠨ ᠤ ᠤᠯᠤᠰ ᠪᠠᠭ᠎ᠠ ᠴᠦ ᠭᠡᠰᠡᠨ ᠬᠤᠪᠢ ᠨᠡᠮᠡᠷᠢ ᠪᠡᠨ ᠣᠷᠤᠭᠤᠯᠤᠭᠰᠠᠨ ᠳᠤ ᠪᠠᠬᠠᠷᠬᠠᠵᠤ ᠶᠠᠪᠤᠳᠠᠭ ᠢᠢᠠᠨ ᠢᠯᠡᠷᠬᠡᠢᠢᠯᠡᠯ᠎ᠡ᠃
ᠡᠷᠳᠡᠨᠢᠲᠦ ᠢᠢᠨ ᠵᠡᠰ ᠦᠨ ᠣᠷᠳᠤ ᠢᠢ ᠨᠡᠭᠡᠭᠡᠭ᠍ᠰᠡᠨ ᠴᠧᠬᠣ᠋ ᠰᠯᠣᠸᠠᠻᠢᠶ ᠠ ᠢᠢᠨ ᠭᠧᠣᠯᠤᠭᠢᠴᠢᠳ᠂ ᠤᠯᠠᠭᠠᠨᠪᠠᠭᠠᠲᠤᠷ ᠤᠨ ᠲᠣᠮᠣᠬᠠᠨ ᠡᠮᠨᠡᠯᠭᠡ ᠨᠦᠭᠦᠳ ᠦᠨ ᠨᠢᠭᠡ ᠢᠢ ᠪᠠᠷᠢᠭᠰᠠᠨ ᠢᠨ᠋ᠵᠧᠨ᠋᠋ᠧᠷ ᠦᠳ᠂ ᠴᠠᠬᠢᠯᠭᠠᠨ ᠰᠲ᠋ᠠᠨ᠋ᠼᠢ ᠨᠤᠭᠤᠳ ᠲᠤ ᠠᠵᠢᠯᠯᠠᠭᠰᠠᠨ ᠮᠡᠷᠭᠡᠵᠢᠯᠲᠡᠨ ᠨᠦᠭᠦᠳ ᠢ ᠡᠨᠳᠡ ᠳᠤᠷᠠᠳᠴᠤ ᠪᠣᠯᠤᠨ᠎ᠠ᠃
ᠡᠷᠳᠡᠨᠢᠲᠦ ᠪᠣᠯ ᠪᠢᠳᠡᠨ ᠦ ᠨᠥᠬᠦᠷᠯᠡᠯ ᠦᠨ ᠪᠡᠯᠭᠡ ᠲᠡᠮᠳᠡᠭ ᠪᠣᠯᠤᠭᠰᠠᠨ᠃ ᠴᠧᠬᠣ᠋ ᠢᠢᠨ ᠠᠵᠤ ᠠᠬᠤᠶ ᠢᠢᠨ ᠨᠢᠭᠡᠴᠡ ᠨᠦᠭᠦᠳ ᠡᠨᠳᠡ ᠣᠷᠤᠨ ᠰᠠᠭᠤᠴᠠ ᠪᠠᠷᠢᠵᠤ᠂ ᠳᠤᠯᠠᠭᠠᠨ ᠢᠶᠠᠷ ᠬᠠᠩ᠋ᠭᠠᠵᠤ᠂ ᠦᠢᠯᠡᠳᠪᠦᠷᠢ ᠪᠠᠷᠢᠬᠤ ᠪᠠᠷ ᠲᠥᠯᠦᠪᠯᠡᠵᠦ᠂ ᠴᠧᠬᠣ᠋ ᠰᠢᠷ᠎ᠠ ᠠᠢᠢᠷᠠᠭ ᠬᠦᠷᠲᠡᠯ᠎ᠡ ᠢᠰᠬᠡᠵᠦ ᠪᠠᠢᠢᠨ᠎ᠠ᠃
ᠪᠢᠳᠡ ᠠᠵᠤ ᠠᠬᠤᠶ ᠢᠢᠨ ᠨᠢᠭᠡᠴᠡ ᠨᠦᠭᠦᠳ ᠢᠢᠡᠨ ᠵᠥᠪᠬᠡᠨ ᠪᠠᠷᠠᠭ᠎ᠠ᠂ ᠪᠦᠲᠦᠭᠡᠭ᠍ᠳᠡᠬᠦᠨ ᠢᠶᠡᠨ ᠪᠣᠷᠤᠯᠠᠭᠤᠯᠤᠭᠠᠳ ᠵᠣᠭᠰᠤᠬᠤ ᠦᠭᠡᠢ᠂ ᠮᠣᠩ᠋ᠭᠤᠯ ᠤᠨ ᠡᠳ᠋ ᠦᠨ ᠵᠠᠰᠠᠭ ᠲᠤ ᠪᠣᠳᠠᠲᠠᠢ᠂ ᠤᠷᠲᠤ ᠬᠤᠭᠤᠴᠠᠭᠠᠨ ᠤ ᠨᠡᠮᠡᠭᠦᠦ ᠥᠷᠲᠡᠭ ᠪᠤᠢ ᠪᠣᠯᠭᠠᠬᠤ ᠢᠢᠨ ᠲᠥᠯᠦᠭᠡ ᠵᠣᠷᠢᠵᠤ ᠠᠵᠢᠯᠯᠠᠬᠤ ᠢᠢ ᠳᠡᠮᠵᠢᠵᠦ ᠢᠷᠡᠭᠰᠡᠨ᠃
ᠪᠢᠳᠡ ᠡᠭᠦᠨ ᠢ ᠦᠷᠭᠦᠯᠵᠢᠯᠡᠭᠦᠯᠬᠦ ᠢᠢ ᠬᠦᠰᠴᠦ ᠪᠠᠢᠢᠭ᠎ᠠ ᠨᠢ ᠭᠠᠷᠴᠠᠭ᠎ᠠ ᠦᠭᠡᠢ᠃ ᠡᠨᠡ ᠪᠢᠽᠢᠨᠧᠰ ᠹᠣᠷᠦᠢᠮ᠂ ᠪᠢᠽᠢᠨᠧᠰ ᠡᠷᠬᠢᠯᠡᠭᠴᠢᠳ ᠴᠦ ᠡᠭᠦᠨ ᠳᠥ ᠨᠥᠯᠦᠭᠡᠯᠡᠨ᠎ᠡ ᠭᠡᠳᠡᠭ ᠲᠥ ᠢᠲᠡᠭᠡᠯ ᠲᠡᠢ ᠪᠠᠢᠢᠨ᠎ᠠ᠃
ᠠᠰᠢᠭᠲᠤ ᠮᠠᠯᠲᠠᠮᠠᠯ ᠤᠨ ᠬᠠᠢᠢᠭᠤᠯ᠂ ᠣᠯᠪᠤᠷᠢᠯᠠᠯᠲᠠ ᠢᠢᠨ ᠴᠢᠭᠯᠡᠯ ᠢᠶᠡᠷ 70 ᠰᠢᠬᠠᠮ ᠵᠢᠯ ᠬᠠᠮᠲᠤᠷᠠᠨ ᠠᠵᠢᠯᠯᠠᠵᠤ ᠪᠠᠢᠢᠭ᠎ᠠ ᠰᠢᠭ ᠪᠡᠨ ᠬᠥᠳᠡᠭᠡ ᠠᠵᠤ ᠠᠬᠤᠶ᠂ ᠬᠦᠨᠡᠰᠦᠨ ᠦ ᠦᠢᠯᠡᠳᠪᠦᠷᠢ᠂ ᠪᠠᠷᠢᠯᠭ᠎ᠠ᠂ ᠤᠰᠤᠨ ᠤ ᠮᠧᠨᠧᠵᠮᠧᠨ᠋ᠲ᠂ ᠪᠠᠢᠢᠭᠠᠯᠢ ᠣᠷᠴᠢᠨ ᠢ ᠬᠠᠮᠠᠭᠠᠯᠠᠬᠤ᠂ ᠪᠠᠲᠤᠯᠠᠨ ᠬᠠᠮᠠᠭᠠᠯᠠᠬᠤ᠂ ᠲᠡᠭᠡᠭᠡᠪᠦᠷᠢ ᠵᠡᠷᠭᠡ ᠪᠤᠰᠤᠳ ᠰᠠᠯᠪᠤᠷᠢ ᠳᠤ ᠴᠦ ᠬᠠᠮᠲᠤᠷᠠᠵᠤ ᠠᠵᠢᠯᠯᠠᠬᠤ ᠬᠦᠰᠡᠯ ᠲᠡᠢ ᠪᠠᠢᠢᠨ᠎ᠠ᠃
ᠡᠨᠡ ᠲᠠᠩᠬᠢᠮ ᠳᠤ ᠪᠠᠢᠢᠭ᠎ᠠ ᠴᠧᠬᠣ᠋ ᠢᠢᠨ ᠠᠵᠤ ᠠᠬᠤᠶ ᠢᠢᠨ ᠨᠢᠭᠡᠴᠡ ᠨᠦᠭᠦᠳ ᠡᠨᠡ ᠲᠠᠯ᠎ᠠ ᠪᠠᠷ ᠶᠠᠷᠢᠯᠴᠠᠬᠤ ᠳᠤ ᠪᠡᠯᠡᠨ ᠪᠠᠢᠢᠨ᠎ᠠ᠃ ᠪᠢᠳᠡᠨ ᠦ ᠬᠠᠷᠢᠯᠴᠠᠨ ᠶᠠᠷᠢᠶ᠎ᠠ ᠭᠡᠵᠦ ᠨᠡᠷᠡᠯᠡᠳᠡᠭ ᠵᠦᠢᠯ ᠢ ᠵᠥᠪᠬᠡᠨ ᠤᠯᠤᠰ ᠲᠥᠷᠦᠴᠢᠳ ᠪᠤᠰᠤ ᠪᠢᠽᠢᠨᠧᠰᠮᠧᠨ ᠨᠦᠭᠦᠳ᠂ ᠡᠷᠳᠡᠮᠲᠡᠳ᠂ ᠲᠠᠮᠢᠷᠴᠢᠳ᠂ ᠠᠶᠠᠯᠢᠭᠴᠢᠳ ᠪᠤᠢ ᠪᠣᠯᠭᠠᠳᠠᠭ᠃
ᠡᠢᠢᠮᠦ ᠳᠥ ᠥᠨᠦᠳᠦᠷ ᠲᠠ ᠪᠦᠬᠦᠨ ᠡᠳᠡᠭᠡᠷ ᠢ ᠪᠡᠬᠢᠵᠢᠭᠦᠯᠬᠦ ᠳᠥ ᠬᠤᠪᠢ ᠨᠡᠮᠡᠷᠢ ᠪᠡᠨ ᠣᠷᠤᠭᠤᠯᠬᠤ ᠢᠢᠨ ᠵᠡᠷᠭᠡᠴᠡᠭᠡ᠂ ᠡᠮᠦᠨ᠎ᠡ ᠨᠢ ᠪᠠᠢᠢᠭᠤᠯᠤᠭᠰᠠᠨ ᠬᠠᠮᠲᠤ ᠢᠢᠨ ᠠᠵᠢᠯᠯᠠᠭᠠᠨ ᠤ ᠰᠠᠨᠠᠮᠵᠢ ᠪᠢᠴᠢᠭ᠌ ᠦᠨ ᠬᠦᠷᠢᠶᠡᠨ ᠳᠥ ᠪᠣᠳᠠᠲᠤ ᠠᠵᠢᠯ ᠤᠳ ᠬᠢᠭ᠍ᠳᠡᠵᠦ᠂ ᠦᠷ᠎ᠡ ᠳ᠋ᠦᠩ ᠳᠥ ᠬᠦᠷᠦᠨ᠎ᠡ ᠭᠡᠳᠡᠭ ᠲᠥ ᠢᠲᠡᠭᠡᠯ ᠲᠡᠢ ᠪᠠᠢᠢᠨ᠎ᠠ᠃
