Та "Internet explorer"-ийн сүүлийн хувилбар болох "Microsoft edge"-г ашиглана уу

Хэрэв "Microsoft edge"-г татах бол энд дарж татаж авна уу

ᠴᠸᠬᠣ ᠳᠥ «ᠢᠯᠡᠭᠡᠯᠲᠡ-2100» ᠬᠥᠲᠦᠯᠪᠦᠷᠢ ᠢᠢᠨ ᠬᠦᠷᠢᠶᠡᠨ ᠳᠥ 29 ᠣᠶᠤᠲᠠᠨ ᠰᠤᠷᠤᠯᠴᠠᠵᠤ ᠪᠠᠢᠢᠨ᠎ᠠ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠪᠦᠭᠦᠳᠡ ᠨᠠᠢᠢᠷᠠᠮᠳᠠᠬᠤ ᠴᠧᠬᠣ᠋ ᠤᠯᠤᠰ ᠲᠤ ᠬᠢᠵᠦ ᠪᠤᠢ ᠲᠥᠷᠦ ᠢᠢᠨ ᠠᠢᠢᠯᠴᠢᠯᠠᠯ ᠦᠷᠭᠦᠯᠵᠢᠯᠡᠵᠦ ᠪᠠᠢᠢᠨ᠎ᠠ᠃

ᠶᠡᠷᠦᠩᠬᠡᠢᠢᠯᠡᠭᠴᠢ «ᠢᠯᠡᠭᠡᠯᠲᠡ-2100» ᠲᠡᠳᠬᠦᠯᠭᠡᠲᠦ ᠬᠥᠲᠦᠯᠪᠦᠷᠢ ᠳᠥ ᠬᠠᠮᠤᠷᠤᠭᠳᠠᠨ ᠴᠧᠬᠣ᠋ ᠤᠯᠤᠰ ᠤᠨ ᠶᠡᠬᠡ᠂ ᠳᠡᠭᠡᠳᠦ ᠰᠤᠷᠭᠠᠭᠤᠯᠢ ᠳᠤ ᠰᠤᠷᠤᠯᠴᠠᠵᠤ ᠪᠠᠢᠢᠭ᠎ᠠ ᠣᠶᠤᠲᠠᠨ ᠤᠳ ᠲᠠᠢ ᠠᠭᠤᠯᠵᠠᠯ᠎ᠠ᠃

29 ᠣᠶᠤᠲᠠᠨ ᠤ ᠨᠠᠢᠮᠠ ᠨᠢ ᠫᠷᠠᠾᠠ ᠬᠣᠲᠠ ᠢᠢᠨ ᠲᠧᠭᠨᠢᠭ ᠦᠨ ᠶᠡᠬᠡ ᠰᠤᠷᠭᠠᠭᠤᠯᠢ ᠳᠤ ᠪᠠᠷᠢᠯᠭ᠎ᠠ ᠢᠢᠨ ᠢᠨ᠋ᠵᠧᠨ᠋᠋ᠧᠷ᠂ ᠻᠣᠮᠫᠢᠶᠦ᠋ᠲ᠋ᠸᠷ ᠤᠨ ᠰᠢᠨᠵᠢᠯᠡᠬᠦ ᠤᠬᠠᠭᠠᠨ ᠤ ᠴᠢᠭᠯᠡᠯ ᠢᠶᠡᠷ ᠰᠤᠷᠴᠤ ᠪᠠᠢᠢᠭ᠎ᠠ ᠪᠣᠯ 21 ᠨᠢ ᠻᠠᠷᠯ ᠤᠨ ᠶᠡᠬᠡ ᠰᠤᠷᠭᠠᠭᠤᠯᠢ ᠢᠢᠨ ᠫᠣᠳᠧᠪᠷᠠᠳ᠋ ᠬᠣᠲᠠ ᠢᠢᠨ ᠬᠡᠯᠡ᠂ ᠮᠡᠷᠭᠡᠵᠢᠯ ᠦᠨ ᠰᠤᠷᠭᠠᠯᠲᠠ ᠢᠢᠨ ᠲᠥᠪ ᠲᠥ ᠴᠧᠬᠣ᠋ ᠬᠡᠯᠡᠨ ᠦ ᠪᠡᠯᠡᠳᠬᠡᠯ ᠳᠥ ᠬᠠᠮᠤᠷᠤᠭᠳᠠᠵᠤ ᠪᠠᠢᠢᠨ᠎ᠠ᠃

ᠡᠳᠡᠭᠡᠷ ᠣᠶᠤᠲᠠᠨ ᠢᠷᠡᠬᠦ ᠨᠠᠮᠤᠷ ᠠᠴᠠ ᠶᠡᠬᠡ᠂ ᠳᠡᠭᠡᠳᠦ ᠰᠤᠷᠭᠠᠭᠤᠯᠢ ᠴᠥᠮ ᠦᠨ ᠢᠨ᠋ᠵᠧᠨ᠋᠋ᠧᠷ᠂ ᠻᠣᠮᠫᠢᠶᠦ᠋ᠲ᠋ᠸᠷ ᠤᠨ ᠰᠢᠨᠵᠢᠯᠡᠬᠦ ᠤᠬᠠᠭᠠᠨ᠂ ᠬᠦᠨᠡᠰᠦᠨ ᠦ ᠴᠢᠨᠠᠷ-ᠠᠶᠤᠯ ᠦᠭᠡᠢ ᠪᠠᠢᠢᠳᠠᠯ᠂ ᠰᠲ᠋ᠠᠲ᠋ᠢᠰᠲ᠋ᠢᠭ ᠵᠡᠷᠭᠡ ᠰᠣᠩ᠋ᠭᠤᠭᠰᠠᠨ ᠮᠡᠷᠭᠡᠵᠢᠯ ᠢᠶᠡᠷ ᠢᠶᠡᠨ ᠰᠤᠷᠤᠯᠴᠠᠬᠤ ᠶᠤᠮ᠃

ᠥᠨᠦᠳᠦᠷ ᠦᠨ ᠠᠭᠤᠯᠵᠠᠯᠲᠠ ᠳᠤ ᠮᠥᠨ «ᠢᠯᠡᠭᠡᠯᠲᠡ-2100» ᠲᠡᠳᠬᠦᠯᠭᠡᠲᠦ ᠬᠥᠲᠦᠯᠪᠦᠷᠢ ᠳᠥ ᠬᠠᠮᠤᠷᠤᠭᠳᠠᠨ ᠬᠣᠯᠪᠤᠭᠠᠨ ᠤ ᠪᠦᠭᠦᠳᠡ ᠨᠠᠢᠢᠷᠠᠮᠳᠠᠬᠤ ᠭᠧᠷᠮᠠ᠎ ᠤᠯᠤᠰ ᠲᠤ ᠵᠢᠯ ᠭᠠᠷᠤᠶ ᠰᠤᠷᠤᠯᠴᠠᠵᠤ ᠪᠠᠢᠢᠭ᠎ᠠ ᠳᠥᠷᠪᠡᠨ ᠣᠶᠤᠲᠠᠨ ᠢᠷᠡᠭᠰᠡᠨ ᠪᠠᠢᠢᠯ᠎ᠠ᠃ ᠲᠡᠳᠡ ᠪᠦᠬᠦ ᠬᠢᠴᠢᠶᠡᠯ ᠳᠥ ᠪᠡᠨ ᠣᠨᠴᠠ ᠰᠤᠷᠴᠤ ᠪᠠᠢᠢᠭ᠎ᠠ ᠢᠢ ᠰᠤᠷᠭᠠᠭᠤᠯᠢ ᠢᠢᠨ ᠤᠳᠤᠷᠢᠳᠤᠯᠭ᠎ᠠ ᠨᠢ ᠤᠯᠠᠮᠵᠢᠯᠠᠯ᠎ᠠ᠃

ᠠᠷᠠᠳ ᠲᠦᠮᠡᠨ ᠦᠨ ᠢᠶᠡᠨ ᠢᠲᠡᠭᠡᠯ᠂ ᠨᠠᠢᠢᠳᠠᠪᠤᠷᠢ ᠢᠢ ᠳᠠᠭᠠᠭᠠᠵᠤ᠂ ᠬᠢᠴᠢᠶᠡᠯ ᠨᠣᠮ ᠳᠤ ᠪᠠᠨ ᠰᠢᠮᠳᠠᠨ᠂ ᠤᠯᠠᠮ ᠢᠶᠠᠷ ᠡᠬᠡ ᠣᠷᠤᠨ ᠤᠨ ᠢᠶᠠᠨ ᠬᠥᠭ᠍ᠵᠢᠯ ᠳᠡᠪᠰᠢᠯ ᠳᠥ ᠬᠤᠪᠢ ᠨᠡᠮᠡᠷᠢ ᠪᠡᠨ ᠣᠷᠤᠭᠤᠯᠬᠤ ᠢᠢ ᠶᠡᠷᠦᠩᠬᠡᠢᠢᠯᠡᠭᠴᠢ ᠬᠦᠰᠡᠯ᠎ᠡ᠃ ᠮᠥᠨ ᠣᠶᠤᠲᠠᠨ ᠵᠠᠯᠠᠭᠤᠰ ᠢ ᠡᠬᠡ ᠣᠷᠤᠨ ᠤᠨ ᠢᠶᠠᠨ ᠢᠷᠡᠭᠡᠳᠦᠶ ᠢᠢ ᠠᠪᠴᠤ ᠶᠠᠪᠤᠬᠤ ᠮᠠᠩᠯᠠᠢᠢᠯᠠᠭᠴᠢᠳ ᠪᠣᠯᠤᠨ᠎ᠠ ᠭᠡᠳᠡᠭ ᠲᠥ ᠡᠷᠡᠭᠡᠯᠵᠡᠬᠦ ᠦᠭᠡᠢ ᠪᠠᠢᠢᠭ᠎ᠠ ᠪᠠᠨ ᠢᠯᠡᠷᠬᠡᠢᠢᠯᠡᠯ᠎ᠡ᠃

ᠲᠥᠷᠦ ᠢᠢᠨ ᠠᠢᠢᠯᠴᠢᠯᠠᠯ ᠤᠨ ᠦᠶ ᠡ ᠪᠡᠷ ᠬᠣᠶᠠᠷ ᠤᠯᠤᠰ ᠤᠨ ᠰᠠᠯᠪᠤᠷᠢ ᠢᠢᠨ ᠶᠠᠮᠤ ᠬᠣᠭᠤᠷᠤᠨᠳᠤ ᠪᠠᠢᠢᠭᠤᠯᠤᠭᠰᠠᠨ ᠬᠡᠯᠡᠯᠴᠡᠭᠡᠷ ᠦᠨ ᠳᠠᠭᠠᠭᠤ «ᠢᠯᠡᠭᠡᠯᠲᠡ-2100» ᠲᠡᠳᠬᠦᠯᠭᠡᠲᠦ ᠬᠥᠲᠦᠯᠪᠦᠷᠢ ᠳᠥ ᠲᠡᠩᠴᠡᠭᠰᠡᠨ ᠣᠶᠤᠲᠠᠨ ᠨᠤᠭᠤᠳ ᠤᠨ ᠴᠧᠬᠣ᠋ ᠢᠢᠨ ᠲᠥᠷᠦ ᠢᠢᠨ ᠥᠮᠴᠢ ᠢᠢᠨ ᠶᠡᠬᠡ᠂ ᠳᠡᠭᠡᠳᠦ ᠰᠤᠷᠭᠠᠭᠤᠯᠢ ᠳᠤ ᠰᠤᠷᠤᠯᠴᠠᠬᠤ ᠪᠣᠯᠤᠮᠵᠢ ᠢᠢ ᠨᠡᠮᠡᠬᠦ ᠪᠡᠷ ᠪᠣᠯᠤᠭᠰᠠᠨ ᠶᠤᠮ᠃

ᠮᠥᠨ ᠣᠶᠤᠲᠠᠨ᠂ ᠪᠠᠭᠰᠢ᠂ ᠰᠤᠳᠤᠯᠤᠭᠠᠴᠢᠳ ᠢ ᠪᠣᠭᠤᠨᠢ ᠬᠤᠭᠤᠴᠠᠭᠠᠨ ᠤ ᠰᠤᠷᠭᠠᠯᠲᠠ ᠳᠤ ᠬᠠᠷᠢᠯᠴᠠᠨ ᠬᠠᠮᠤᠷᠤᠭᠤᠯᠬᠤ᠂ ᠬᠣᠶᠠᠷ ᠤᠯᠤᠰ ᠤᠨ ᠬᠡᠯᠡ᠂ ᠰᠣᠶᠤᠯ ᠠᠴᠠ ᠰᠤᠷᠤᠯᠴᠠᠬᠤ᠂ ᠮᠡᠳᠡᠯᠭᠡ ᠢᠢ ᠭᠦᠨᠵᠡᠭᠡᠢᠢᠷᠡᠭᠦᠯᠬᠦ ᠵᠣᠷᠢᠯᠭ᠎ᠠ ᠪᠠᠷ ᠵᠢᠯ ᠪᠦᠷᠢ ᠬᠡᠯᠡ ᠵᠦᠢ᠂ ᠤᠷᠠᠨ ᠵᠣᠬᠢᠶᠠᠯ ᠤᠨ ᠵᠤᠨ ᠤ ᠰᠤᠷᠭᠠᠯᠲᠠ ᠵᠣᠬᠢᠶᠠᠨ᠎ᠠ᠃

2023-2024 ᠣᠨ ᠤ ᠬᠢᠴᠢᠶᠡᠯ ᠦᠨ ᠵᠢᠯ ᠳᠥ ᠴᠧᠬᠣ᠋ ᠢᠢᠨ ᠶᠡᠬᠡ᠂ ᠳᠡᠭᠡᠳᠦ ᠰᠤᠷᠭᠠᠭᠤᠯᠢ ᠮᠠᠨ ᠤ ᠤᠯᠤᠰ ᠤᠨ 120 ᠭᠠᠷᠤᠶ ᠣᠶᠤᠲᠠᠨ ᠰᠤᠷᠤᠯᠴᠠᠭᠰᠠᠨ ᠪᠠᠢᠢᠨ᠎ᠠ᠃

ᠮᠣᠩ᠋ᠭᠤᠯ ᠤᠯᠤᠰ ᠤᠨ ᠶᠡᠬᠡ ᠰᠤᠷᠭᠠᠭᠤᠯᠢ 1992 ᠣᠨ ᠠᠴᠠ ᠴᠧᠬᠣ᠋ ᠰᠤᠳᠤᠯᠤᠭᠠᠴᠢ᠂ ᠣᠯᠠᠨ ᠤᠯᠤᠰ ᠤᠨ ᠬᠠᠷᠢᠯᠴᠠᠭᠠᠨ ᠤ ᠮᠡᠷᠭᠡᠵᠢᠯᠲᠡᠨ ᠪᠡᠯᠡᠳᠬᠡᠵᠦ ᠡᠬᠢᠯᠡᠭᠰᠡᠨ᠃ 2006-2007 ᠣᠨ ᠳᠤ ᠴᠧᠬᠣ᠋ ᠢᠢᠨ ᠬᠥᠭ᠍ᠵᠢᠯ ᠦᠨ ᠠᠭᠧᠨ᠋ᠲ᠋ᠯᠢᠭ ᠤᠨ ᠲᠥᠰᠦᠯ ᠢᠶᠡᠷ ᠴᠧᠬᠣ᠋ ᠰᠤᠳᠤᠯᠤᠯ ᠤᠨ ᠲᠥᠪ ᠢ ᠰᠢᠨᠡᠴᠢᠯᠠᠨ ᠪᠠᠢᠢᠭᠤᠯᠵᠤ᠂ ᠨᠣᠮ᠂ ᠰᠤᠷᠬᠤ ᠪᠢᠴᠢᠭ᠌᠂ ᠭᠠᠷ ᠤᠨ ᠠᠪᠤᠯᠭ᠎ᠠ ᠪᠠᠷ ᠬᠠᠩᠬ᠋ᠠᠨ᠂ ᠬᠢᠴᠢᠶᠡᠯ ᠦᠨ ᠮᠠᠲ᠋ᠧᠷᠢᠶᠠᠯ ᠪᠠᠭᠠᠵᠠ ᠢᠢ ᠨᠢ ᠰᠠᠢᠢᠵᠢᠷᠠᠭᠤᠯᠵᠤ᠂ ᠮᠡᠷᠭᠡᠵᠢᠯᠲᠡᠨ ᠪᠠᠭᠰᠢ ᠠᠵᠢᠯᠯᠠᠭᠤᠯᠬᠤ ᠪᠣᠯᠤᠭᠰᠠᠨ ᠶᠤᠮ᠃

2023 ᠣᠨ ᠠᠴᠠ ᠰᠯᠠᠸ ᠰᠤᠳᠤᠯᠤᠯ ᠤᠨ ᠲᠢᠩᠬᠢᠮ ᠳᠥ ᠴᠧᠬᠣ᠋ ᠬᠡᠯᠡᠨ ᠦ ᠪᠠᠭᠰᠢ ᠠᠵᠢᠯᠯᠠᠵᠤ ᠪᠠᠢᠢᠨ᠎ᠠ᠃

1955 ᠣᠨ ᠠᠴᠠ ᠬᠣᠢᠢᠰᠢ ᠴᠧᠬᠣ᠋ ᠰᠯᠣᠸᠠᠻᠢᠶ ᠠ ᠤᠯᠤᠰ ᠲᠤ 20 ᠮᠢᠩ᠋ᠭ᠎ᠠ ᠭᠠᠷᠤᠶ ᠮᠣᠩ᠋ᠭᠤᠯ ᠢᠷᠭᠡᠨ ᠰᠤᠷᠤᠯᠴᠠᠭᠰᠠᠨ ᠪᠥᠭᠡᠳ 300 ᠭᠠᠷᠤᠶ ᠨᠢ ᠳᠡᠭᠡᠳᠦ ᠪᠣᠯᠪᠠᠰᠤᠷᠠᠯ ᠡᠵᠡᠮᠰᠢᠵᠦ᠂ 30 ᠣᠷᠴᠢᠮ ᠨᠢ ᠡᠷᠳᠡᠮ ᠦᠨ ᠵᠡᠷᠭᠡ ᠬᠠᠮᠠᠭᠠᠯᠠᠭᠰᠠᠨ ᠪᠠᠢᠢᠨ᠎ᠠ᠃

ᠲᠤᠰ ᠤᠯᠤᠰ 1989 ᠣᠨ ᠢ ᠬᠦᠷᠲᠡᠯ᠎ᠡ ᠵᠢᠯ ᠪᠦᠷᠢ 40 ᠣᠶᠤᠲᠠᠨ᠂ ᠲᠡᠭᠨᠢᠻᠦ᠋ᠮ ᠦᠨ ᠰᠤᠷᠤᠯᠴᠠᠭᠴᠢ᠂ ᠮᠡᠷᠭᠡᠵᠢᠯ ᠳᠡᠭᠡᠭ᠍ᠰᠢᠯᠠᠭᠦᠯᠦᠭᠴᠢ᠂ ᠠᠰᠫᠢᠷᠠᠨ᠋ᠲ ᠬᠦᠯᠢᠶᠡᠨ ᠠᠪᠴᠤ᠂ ᠰᠤᠷᠭᠠᠵᠤ ᠪᠠᠢᠢᠭᠰᠠᠨ ᠶᠤᠮ᠃