Та "Internet explorer"-ийн сүүлийн хувилбар болох "Microsoft edge"-г ашиглана уу

Хэрэв "Microsoft edge"-г татах бол энд дарж татаж авна уу

ᠴᠸᠬᠣ ᠳᠥ 14 ᠮᠢᠩ᠋ᠭ᠎ᠠ ᠭᠠᠷᠤᠶ ᠮᠣᠩ᠋ᠭᠤᠯ ᠢᠷᠭᠡᠨ ᠠᠮᠢᠳᠤᠷᠠᠵᠤ ᠪᠠᠢᠢᠨ᠎ᠠ

ᠪᠦᠭᠦᠳᠡ ᠨᠠᠢᠢᠷᠠᠮᠳᠠᠬᠤ ᠴᠧᠬᠣ᠋ ᠤᠯᠤᠰ ᠲᠤ ᠲᠥᠷᠦ ᠢᠢᠨ ᠠᠢᠢᠯᠴᠢᠯᠠᠯ ᠬᠢᠵᠦ ᠪᠤᠢ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠫᠷᠠᠾᠠ ᠬᠣᠲᠠ ᠳ᠋ᠠᠬᠢ ᠡᠯᠴᠢᠨ ᠰᠠᠢᠢᠳ ᠤᠨ ᠶᠠᠮᠤᠨ ᠳᠤ ᠵᠣᠴᠢᠯᠠᠯ᠎ᠠ᠃

ᠡᠬᠡ ᠣᠷᠤᠨ᠂ ᠳ᠋ᠢᠫᠯᠣᠮᠠᠲ ᠠᠯᠪᠠᠨ ᠤ ᠨᠡᠷ᠎ᠡ ᠬᠦᠨᠳᠦ ᠢᠢ ᠥᠨᠳᠦᠷ ᠲᠥ ᠡᠷᠭᠦᠵᠦ ᠶᠠᠪᠤᠬᠤ᠂ ᠢᠷᠭᠡᠳ ᠦᠨ ᠢᠶᠡᠨ ᠡᠷᠬᠡ ᠠᠰᠢᠭ ᠢ ᠬᠠᠮᠠᠭᠠᠯᠠᠬᠤ᠂ ᠬᠡᠯᠡ᠂ ᠲᠡᠦᠬᠡ᠂ ᠰᠣᠶᠤᠯ᠂ ᠵᠠᠩ ᠵᠠᠩᠰᠢᠯ᠂ ᠤᠯᠠᠮᠵᠢᠯᠠᠯ ᠢᠢᠠᠨ ᠥᠪᠯᠡᠭᠦᠯᠬᠦ᠂ ᠲᠦᠭᠡᠭᠡᠨ ᠳᠡᠯᠭᠡᠷᠡᠭᠦᠯᠬᠦ᠂ ᠰᠠᠭᠤᠭ᠎ᠠ ᠣᠷᠤᠨ ᠪᠣᠯᠤᠨ ᠪᠦᠰᠡ ᠨᠤᠲᠤᠭ ᠲᠤ ᠤᠯᠤᠰ ᠢᠢᠠᠨ ᠰᠤᠷᠲᠠᠯᠴᠢᠯᠠᠨ ᠲᠠᠨᠢᠭᠤᠯᠬᠤ ᠢᠢᠨ ᠲᠥᠯᠦᠭᠡ ᠤᠯᠠᠮ ᠬᠢᠴᠢᠶᠡᠨ ᠠᠵᠢᠯᠯᠠᠬᠤ ᠢᠢ ᠶᠡᠷᠦᠩᠬᠡᠢᠢᠯᠡᠭᠴᠢ ᠵᠠᠬᠢᠯ᠎ᠠ᠃

ᠮᠥᠨ ᠭᠠᠳᠠᠭᠠᠳᠤ ᠬᠠᠷᠢᠯᠴᠠᠭᠠᠨ ᠤ ᠰᠠᠯᠪᠤᠷᠢ ᠳᠤ ᠦᠷ᠎ᠡ ᠪᠦᠲᠦᠭᠡᠯ᠂ ᠢᠳᠡᠪᠬᠢ ᠰᠠᠨᠠᠭᠠᠴᠢᠯᠠᠭ᠎ᠠ ᠲᠠᠢ ᠠᠵᠢᠯᠯᠠᠵᠤ᠂ ᠭᠠᠳᠠᠭᠠᠳᠤ ᠪᠣᠳᠤᠯᠭ᠎ᠠ ᠢᠢᠨ ᠵᠣᠷᠢᠯᠲᠠ ᠨᠤᠭᠤᠳ ᠢ ᠬᠡᠷᠡᠭᠵᠢᠭᠦᠯᠬᠦ ᠳᠥ ᠣᠷᠤᠭᠤᠯᠤᠭᠰᠠᠨ ᠬᠤᠪᠢ ᠨᠡᠮᠡᠷᠢ ᠢᠢ ᠨᠢ ᠦᠨᠡᠯᠡᠵᠦ ᠮᠣᠩ᠋ᠭᠤᠯ ᠤᠯᠤᠰ ᠠᠴᠠ ᠪᠦᠭᠦᠳᠡ ᠨᠠᠢᠢᠷᠠᠮᠳᠠᠬᠤ ᠴᠧᠬᠣ᠋ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠳᠠᠮᠳᠢᠨ ᠤ ᠭᠠᠩᠰᠦ᠋ᠬᠡ᠂ ᠮᠣᠩ᠋ᠭᠤᠯ ᠤᠯᠤᠰ ᠠᠴᠠ ᠬᠣᠯᠪᠤᠭᠠᠨ ᠤ ᠪᠦᠭᠦᠳᠡ ᠨᠠᠢᠢᠷᠠᠮᠳᠠᠬᠤ ᠭᠧᠷᠮᠠ᠎ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠪᠢᠷᠸᠠ ᠢᠢᠨ ᠮᠠᠨᠳᠤᠬᠤᠪᠢᠯᠢᠭ᠌ ᠨᠠᠷ ᠲᠤ ᠣᠨᠴᠠ ᠪᠥᠭᠡᠳ ᠪᠦᠷᠢᠨ ᠡᠷᠬᠡᠲᠦ ᠡᠯᠴᠢᠨ ᠴᠣᠯᠠ ᠬᠦᠷᠲᠡᠭᠡᠯ᠎ᠡ᠃

ᠴᠧᠬᠣ᠋ ᠤᠯᠤᠰ ᠲᠤ ᠮᠠᠨ ᠤ ᠤᠯᠤᠰ ᠤᠨ 14 ᠮᠢᠩ᠋ᠭ᠎ᠠ ᠭᠠᠷᠤᠶ ᠢᠷᠭᠡᠨ ᠠᠯᠪᠠᠨ ᠶᠣᠰᠤᠨ ᠤ ᠵᠥᠪᠰᠢᠶᠡᠷᠡᠯ ᠲᠡᠢ ᠣᠷᠤᠰᠢᠨ ᠰᠠᠭᠤᠳᠠᠭ᠃ ᠡᠨᠡ ᠨᠢ ᠲᠤᠰ ᠤᠯᠤᠰ ᠳ᠋ᠠᠬᠢ ᠨᠡᠢᠢᠲᠡ ᠭᠠᠳᠠᠭᠠᠳᠤ ᠢᠷᠭᠡᠳ ᠦᠨ 1·28 ᠬᠤᠪᠢ ᠭᠡᠰᠡᠨ ᠦᠭᠡ ᠶᠤᠮ᠃ ᠢᠷᠭᠡᠳ ᠦᠨ 10 ᠮᠢᠩ᠋ᠭ᠎ᠠ ᠭᠠᠷᠤᠶ ᠨᠢ 18 ᠪᠣᠯᠤᠨ ᠲᠡᠭᠦᠨ ᠡᠴᠡ ᠳᠡᠭᠡᠭ᠍ᠰᠢ ᠨᠠᠰᠤᠨ ᠤ ᠬᠢᠨ ᠪᠥᠭᠡᠳ 97 ᠬᠤᠪᠢ ᠨᠢ ᠣᠶᠤᠳᠠᠯ᠂ ᠡᠳ᠋ ᠠᠩ᠋ᠭᠢ ᠤᠭᠰᠠᠷᠠᠯᠲᠠ ᠢᠢᠨ ᠪᠣᠯᠤᠨ ᠮᠢᠬᠠᠨ ᠤ ᠦᠢᠯᠡᠳᠪᠦᠷᠢ ᠳᠥ ᠠᠵᠢᠯᠯᠠᠳᠠᠭ᠃

ᠵᠢᠯ ᠳᠥ 200 ᠣᠷᠴᠢᠮ ᠬᠡᠦᠬᠡᠳ ᠮᠡᠨᠳᠦᠯᠡᠳᠡᠭ᠂ ᠳᠤᠮᠳᠠ ᠰᠤᠷᠭᠠᠭᠤᠯᠢ ᠳᠤ 203᠂ ᠪᠠᠭ᠎ᠠ ᠰᠤᠷᠭᠠᠭᠤᠯᠢ ᠳᠤ 1.217᠂ ᠴᠡᠴᠡᠷᠯᠢᠭ ᠲᠥ 465 ᠬᠡᠦᠬᠡᠳ ᠰᠤᠷᠴᠤ᠂ ᠬᠦᠮᠦᠵᠢᠵᠦ ᠪᠠᠢᠢᠨ᠎ᠠ᠃ 2023-2024 ᠣᠨ ᠤ ᠬᠢᠴᠢᠶᠡᠯ ᠦᠨ ᠵᠢᠯ ᠳᠥ 120 ᠭᠠᠷᠤᠶ ᠣᠶᠤᠲᠠᠨ ᠴᠧᠬᠣ᠋ ᠢᠢᠨ ᠶᠡᠬᠡ᠂ ᠳᠡᠭᠡᠳᠦ ᠰᠤᠷᠭᠠᠭᠤᠯᠢ ᠳᠤ ᠰᠤᠷᠤᠯᠴᠠᠵᠡᠢ᠃

ᠫᠷᠠᠾᠠ ᠳ᠋ᠠᠬᠢ ᠡᠯᠴᠢᠨ ᠰᠠᠢᠢᠳ ᠤᠨ ᠶᠠᠮᠤ ᠵᠢᠯ ᠳᠥ ᠳᠤᠮᠳᠠᠵᠢ ᠪᠠᠷ 6.000 ᠣᠷᠴᠢᠮ ᠢᠷᠭᠡᠨ ᠲᠥ ᠻᠣᠨ᠋ᠰᠦ᠋ᠯ ᠤᠨ ᠦᠢᠯᠡᠴᠢᠯᠡᠭᠡ ᠦᠵᠡᠭᠦᠯᠳᠡᠭ ᠶᠤᠮ ᠪᠠᠢᠢᠨ᠎ᠠ᠃