Та "Internet explorer"-ийн сүүлийн хувилбар болох "Microsoft edge"-г ашиглана уу

Хэрэв "Microsoft edge"-г татах бол энд дарж татаж авна уу

ᠡᠷᠳᠡᠨᠢᠲᠦ ᠢᠢᠨ ᠵᠡᠰ ᠦᠨ ᠣᠷᠳᠤ ᠢᠢ ᠨᠡᠭᠡᠭᠡᠭ᠍ᠰᠡᠨ ᠴᠸᠬᠣ ᠭᠧᠣᠯᠤᠭᠢᠴᠢ ᠳᠥ ᠬᠦᠨᠳᠦᠳᠬᠡᠯ ᠦᠵᠡᠭᠦᠯᠦᠯ᠎ᠡ

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠦᠭᠦᠳᠡ ᠨᠠᠢᠢᠷᠠᠮᠳᠠᠬᠤ ᠴᠧᠬᠣ᠋ ᠤᠯᠤᠰ ᠲᠤ ᠲᠥᠷᠦ ᠢᠢᠨ ᠠᠢᠢᠯᠴᠢᠯᠠᠯ ᠬᠢᠬᠦ ᠦᠶ᠎ᠡ ᠪᠡᠷ ᠢᠶᠡᠨ ᠡᠯᠴᠢᠨ ᠰᠠᠢᠢᠳ ᠤᠨ ᠶᠠᠮᠤᠨ ᠤ ᠥᠷᠭᠦᠭᠡ ᠭᠡᠷ ᠲᠥ ᠴᠧᠬᠣ᠋ ᠢᠢᠨ ᠠᠬᠠᠮᠠᠳ ᠭᠧᠣᠯᠤᠭᠢᠴᠢ ᠮᠣᠢᠢᠮᠢᠷ ᠻᠷᠠ᠊ᠦ᠋ᠲ᠋ᠧᠷ ᠬᠦᠯᠢᠶᠡᠨ ᠠᠪᠴᠤ ᠬᠦᠨᠳᠦᠳᠬᠡᠯ ᠦᠵᠡᠭᠦᠯᠦᠯ᠎ᠡ᠃

98 ᠨᠠᠰᠤ ᠲᠠᠢ ᠮᠣᠢᠢ᠊· ᠻᠷᠠ᠊ᠦ᠋ᠲ᠋ᠧᠷ 1960 ᠊ᠭᠠᠳ ᠣᠨ ᠳᠤ ᠮᠣᠩ᠋ᠭᠤᠯ-ᠴᠧᠬᠣ᠋ ᠰᠯᠣᠸᠠᠻᠢᠶ ᠠ ᠢᠢᠨ ᠭᠧᠣᠯᠤᠭᠢ ᠢᠢᠨ ᠬᠠᠮᠲᠤᠷᠠᠭᠰᠠᠨ ᠪᠠᠭ ᠢ ᠠᠬᠠᠯᠠᠭᠴᠢ ᠪᠠᠷ ᠠᠵᠢᠯᠯᠠᠵᠤ ᠪᠠᠢᠢᠭᠰᠠᠨ ᠶᠤᠮ᠃ ᠬᠠᠮᠲᠤᠷᠠᠭᠰᠠᠨ ᠪᠠᠭ ᠬᠣᠶᠠᠷ ᠵᠢᠯ ᠦᠨ ᠳᠣᠲᠤᠷ᠎ᠠ ᠡᠷᠳᠡᠨᠢᠲᠦ ᠢᠢᠨ ᠵᠡᠰ ᠦᠨ ᠦᠨᠳᠦᠰᠦᠨ ᠣᠷᠳᠤ ᠢᠢ ᠢᠯᠡᠷᠡᠭᠦᠯᠵᠦ᠂ ᠵᠢᠷᠤᠭᠯᠠᠯ ᠢ ᠨᠢ ᠬᠢᠭ᠍ᠰᠡᠨ ᠲᠡᠦᠬᠡ ᠲᠡᠢ᠃

ᠡᠨᠡ ᠣᠷᠳᠤ ᠢᠢ ᠲᠦᠰᠢᠭᠯᠡᠨ ᠪᠠᠢᠢᠭᠤᠯᠤᠭᠰᠠᠨ ᠡᠷᠳᠡᠨᠢᠲᠦ ᠦᠢᠯᠡᠳᠪᠦᠷᠢ ᠥᠨᠦ ᠢᠢ ᠬᠦᠷᠲᠡᠯ᠎ᠡ ᠮᠣᠩ᠋ᠭᠤᠯ ᠤᠯᠤᠰ ᠤᠨ ᠬᠥᠭ᠍ᠵᠢᠯ ᠳᠡᠪᠰᠢᠯ᠂ ᠠᠷᠠᠳ ᠢᠷᠭᠡᠳ ᠦᠨ ᠠᠮᠢᠳᠤᠷᠠᠯ ᠳᠤ ᠴᠢᠬᠤᠯᠠ ᠬᠤᠪᠢ ᠨᠡᠮᠡᠷᠢ ᠣᠷᠤᠭᠤᠯᠵᠤ ᠪᠠᠢᠢᠭ᠎ᠠ ᠢᠢ ᠶᠡᠷᠦᠩᠬᠡᠢᠢᠯᠡᠭᠴᠢ ᠬᠡᠯᠡᠵᠦ᠂ ᠲᠠᠯᠠᠷᠬᠠᠯ ᠢᠯᠡᠷᠬᠡᠢᠢᠯᠡᠯ᠎ᠡ᠃ ᠮᠥᠨ ᠮᠣᠢᠢ᠊· ᠻᠷᠠ᠊ᠦ᠋ᠲ᠋ᠧᠷ ᠤᠨ ᠮᠣᠩ᠋ᠭᠤᠯ ᠤᠯᠤᠰ ᠲᠤ ᠠᠵᠢᠯᠯᠠᠵᠤ ᠪᠠᠢᠢᠭᠰᠠᠨ ᠦᠶ᠎ᠡ ᠢᠢᠨ ᠬᠢ ᠨᠢ ᠭᠡᠷᠡᠯ ᠵᠢᠷᠤᠭ ᠤᠳ ᠢ ᠭᠠᠷ ᠤᠨ ᠪᠡᠯᠡᠭ ᠦᠨ ᠬᠠᠮᠲᠤ ᠭᠠᠷᠳᠠᠭᠤᠯᠤᠯ᠎ᠠ᠃

ᠥᠪᠡᠷ ᠲᠥ ᠨᠢ ᠬᠦᠨᠳᠦᠳᠬᠡᠯ ᠦᠵᠡᠭᠦᠯᠵᠦ ᠪᠠᠢᠢᠭᠠᠳ ᠠᠬᠠᠮᠠᠳ ᠭᠧᠣᠯᠤᠭᠢᠴᠢ ᠲᠠᠯᠠᠷᠬᠠᠯ ᠢᠯᠡᠷᠬᠡᠢᠢᠯᠡᠵᠦ᠂ ᠫᠷᠠᠾᠠ ᠳ᠋ᠠᠬᠢ ᠡᠯᠴᠢᠨ ᠰᠠᠢᠢᠳ ᠤᠨ ᠶᠠᠮᠤᠨ ᠤ ᠬᠠᠮᠲᠤ ᠣᠯᠠᠨ ᠪᠠᠢᠢᠩ᠋ᠭᠤ ᠰᠠᠨᠠᠭ᠎ᠠ ᠲᠠᠯᠪᠢᠳᠠᠭ ᠲᠤᠬᠠᠶ ᠬᠡᠯᠡᠯ᠎ᠡ᠃

ᠵᠠᠯᠠᠭᠤ ᠬᠠᠯᠠᠭᠤᠨ ᠨᠠᠰᠤ᠂ ᠬᠦᠴᠦ ᠬᠥᠳᠡᠯᠮᠦᠷᠢ ᠢᠢᠨ ᠢᠶᠡᠨ ᠪᠠᠭ᠎ᠠ ᠦᠭᠡᠢ ᠬᠤᠭᠤᠴᠠᠭ᠎ᠠ ᠢᠢ ᠥᠩ᠋ᠭᠡᠷᠡᠭᠡᠭ᠍ᠰᠡᠨ ᠮᠣᠩ᠋ᠭᠤᠯ ᠤᠯᠤᠰ ᠢ ᠬᠣᠶᠠᠷ ᠳᠠᠬᠢ ᠡᠬᠡ ᠣᠷᠤᠨ ᠢᠶᠠᠨ ᠬᠡᠮᠡᠨ ᠪᠣᠳᠤᠳᠠᠭ ᠢᠢᠠᠨ ᠶᠠᠷᠢᠵᠤ᠂ ᠬᠠᠮᠲᠤᠷᠠᠭᠰᠠᠨ ᠪᠠᠭ ᠲᠤᠬᠠᠶ ᠢᠢᠨ ᠦᠶ᠎ᠡ ᠳᠥ ᠬᠡᠷᠬᠢᠨ ᠠᠵᠢᠯᠯᠠᠵᠤ ᠪᠠᠢᠢᠭᠰᠠᠨ ᠲᠤᠬᠠᠶ ᠳᠤᠷᠠᠰᠤᠨ ᠶᠠᠷᠢᠯ᠎ᠠ᠃

ᠮᠥᠨ ᠮᠣᠩ᠋ᠭᠤᠯ ᠤᠨ ᠠᠷᠠᠳ ᠲᠦᠮᠡᠨ᠂ ᠲᠡᠭᠦᠨ ᠦ ᠳᠣᠲᠤᠷ᠎ᠠ ᠡᠷᠳᠡᠨᠢᠲᠦᠴᠦᠳ ᠲᠥ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠵᠦ ᠪᠠᠢᠢᠭ᠎ᠠ ᠢᠢ ᠨᠢ ᠤᠯᠠᠮᠵᠢᠯᠠᠬᠤ ᠢᠢ ᠬᠦᠰᠡᠯ᠎ᠡ᠃

ᠮᠣᠢᠢ᠊· ᠻᠷᠠ᠊ᠦ᠋ᠲ᠋ᠧᠷ ᠬᠣᠵᠢᠮ ᠨᠢ ᠡᠬᠡ ᠣᠷᠤᠨ ᠳᠤ ᠪᠠᠨ ᠪᠤᠴᠠᠵᠤ «ᠭᠧᠣᠯᠤᠭᠢ ᠢᠢᠨ ᠰᠤᠳᠤᠯᠭ᠎ᠠ» ᠰᠡᠳᠬᠦᠯ ᠦᠨ ᠶᠡᠷᠦᠩᠬᠡᠶ ᠷᠧᠳᠠᠻᠲ᠋ᠣᠷ ᠢᠶᠠᠷ ᠠᠵᠢᠯᠯᠠᠵᠤ ᠪᠠᠢᠢᠭᠰᠠᠨ᠃ 1980 ᠣᠨ ᠳᠤ ᠮᠣᠩ᠋ᠭᠤᠯ ᠤᠯᠤᠰ ᠲᠤ «ᠮᠣᠩ᠋ᠭᠤᠯ- ᠴᠧᠬᠣ᠋ ᠰᠯᠣᠸᠠᠻᠢᠶ ᠠ ᠮᠧᠲ᠋ᠠᠯ» ᠦᠢᠯᠡᠳᠪᠦᠷᠢ ᠢᠢᠨ ᠵᠠᠬᠢᠷᠤᠯ ᠤᠨ ᠠᠯᠪᠠ ᠢᠢ ᠬᠠᠰᠢᠵᠤ ᠪᠠᠢᠢᠵᠡᠢ᠃