Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ·ᠬᠦᠷᠡᠯᠰᠦ᠋ᠬᠡ ᠢᠢ ᠫᠣᠯᠠᠨ᠌ᠳ᠋ ᠤᠨ ᠶᠡᠷᠦᠩᠬᠡᠢᠢᠯᠡᠭᠴᠢ ᠠ᠊· ᠳ᠋ᠥ᠋ᠳᠠ ᠠᠯᠪᠠᠨ ᠶᠣᠰᠤ ᠪᠠᠷ ᠤᠭᠲᠤᠵᠤ ᠠᠪᠤᠯ᠎ᠠ

ᠪᠦᠭᠦᠳᠡ ᠨᠠᠢᠢᠷᠠᠮᠳᠠᠬᠤ ᠫᠣᠯᠠᠨ᠋ᠳ᠋ ᠤᠯᠤᠰ ᠲᠤ ᠲᠥᠷᠦ ᠢᠢᠨ ᠠᠢᠢᠯᠴᠢᠯᠠᠯ ᠬᠢᠵᠦ ᠪᠤᠢ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢ ᠲᠤᠰ ᠤᠯᠤᠰ ᠤᠨ ᠶᠡᠷᠦᠩᠬᠡᠢᠢᠯᠡᠭᠴᠢ ᠠᠨ᠋ᠳ᠋ᠵᠧᠶ ᠳ᠋ᠦᠳᠠ ᠶᠡᠷᠦᠩᠬᠡᠢᠢᠯᠡᠭᠴᠢ ᠢᠢᠨ ᠣᠷᠳᠣᠨ ᠳᠤ ᠪᠠᠨ ᠠᠯᠪᠠᠨ ᠶᠣᠰᠤ ᠪᠠᠷ ᠤᠭᠲᠤᠨ ᠠᠪᠤᠯ᠎ᠠ᠃

ᠬᠥᠭ᠍ᠵᠢᠮ ᠳᠥ ᠬᠣᠶᠠᠷ ᠤᠯᠤᠰ ᠤᠨ ᠲᠥᠷᠦ ᠢᠢᠨ ᠳᠠᠭᠤᠯᠠᠯ ᠡᠭᠡᠰᠢᠭᠯᠡᠵᠦ᠂ ᠶᠣᠰᠤᠯᠠᠯ ᠤᠨ ᠪᠤᠤᠳᠠᠯᠭ᠎ᠠ ᠦᠢᠯᠡᠳᠦᠭᠰᠡᠨ ᠦ ᠳᠠᠷᠠᠭ᠎ᠠ ᠶᠡᠷᠦᠩᠬᠡᠢᠢᠯᠡᠭᠴᠢ ᠤ·ᠬᠦᠷᠡᠯᠰᠦ᠋ᠬᠡ ᠳᠥ ᠲᠥᠷᠦ ᠢᠢᠨ ᠬᠦᠨᠳᠦᠲᠦ ᠬᠠᠷᠠᠭᠤᠯ ᠤᠨ ᠵᠠᠬᠢᠷᠤᠭᠴᠢ ᠠᠢᠢᠯᠠᠳᠬᠠᠯ ᠡᠷᠭᠦᠪᠡ᠃ ᠲᠥᠷᠦ ᠢᠢᠨ ᠲᠡᠷᠢᠭᠦᠨ ᠨᠠᠷ ᠤᠭᠲᠤᠬᠤ ᠶᠣᠰᠤᠯᠠᠯ ᠳᠤ ᠣᠷᠤᠯᠴᠠᠭᠰᠠᠨ ᠮᠣᠩ᠋ᠭᠤᠯ᠂ ᠫᠣᠯᠠᠨ᠋ᠳ᠋ ᠤᠨ ᠠᠯᠪᠠᠨ ᠶᠣᠰᠤᠨ ᠤ ᠲᠥᠯᠦᠭᠡᠯᠡᠭᠴᠢᠳ ᠲᠡᠢ ᠮᠡᠨᠳᠦᠴᠢᠯᠡᠯ᠎ᠡ᠃

ᠫᠣᠯᠠᠨ᠋ᠳ᠋ ᠤᠨ ᠶᠡᠷᠦᠩᠬᠡᠢᠢᠯᠡᠭᠴᠢ ᠢᠢᠨ ᠣᠷᠳᠣᠨ ᠨᠢ 1643 ᠣᠨ ᠳᠤ ᠪᠠᠷᠢᠭᠳᠠᠵᠤ ᠡᠬᠢᠯᠡᠭᠰᠡᠨ᠂ ᠫᠣᠯᠠᠨ᠋ᠳ᠋ ᠤᠨ ᠲᠡᠦᠬᠡ ᠲᠡᠢ ᠰᠠᠯᠤᠰᠢ ᠦᠭᠡᠢ ᠬᠣᠯᠪᠤᠭ᠎ᠠ ᠲᠠᠢ ᠤᠷᠠᠨ ᠪᠠᠷᠢᠯᠭ᠎ᠠ ᠢᠢᠨ ᠨᠢᠭᠡ ᠶᠤᠮ᠃

ᠣᠷᠳᠣᠨ ᠳᠤ ᠶᠡᠷᠦᠩᠬᠡᠢᠢᠯᠡᠭᠴᠢ ᠠ᠊· ᠳ᠋ᠦᠳᠠ ᠠᠮᠢᠳᠤᠷᠠᠵᠤ᠂ ᠠᠵᠢᠯᠯᠠᠳᠠᠭ ᠪᠥᠭᠡᠳ ᠶᠡᠷᠦᠩᠬᠡᠢᠢᠯᠡᠭᠴᠢ ᠢᠢᠨ ᠠᠭᠤᠯᠵᠠᠯᠲᠠ ᠵᠡᠷᠭᠡ ᠡᠴᠡ ᠭᠠᠳᠠᠨ᠎ᠠ ᠭᠠᠳᠠᠭᠠᠳᠤ ᠤᠯᠤᠰ ᠤᠨ ᠲᠥᠷᠦ ᠢᠢᠨ ᠲᠡᠷᠢᠭᠦᠨ᠂ ᠳᠡᠭᠡᠳᠦ᠂ ᠥᠨᠳᠦᠷ ᠲᠥᠪᠰᠢᠨ ᠦ ᠲᠥᠯᠦᠭᠡᠯᠡᠭᠴᠢᠳ ᠲᠥ ᠵᠣᠷᠢᠭᠤᠯᠤᠭᠰᠠᠨ ᠶᠣᠰᠤᠯᠠᠯ᠂ ᠬᠦᠨᠳᠦᠳᠬᠡᠯ ᠦᠨ ᠠᠷᠭ᠎ᠠ ᠬᠡᠮᠵᠢᠶ᠎ᠡ ᠵᠣᠬᠢᠶᠠᠨ ᠪᠠᠢᠢᠭᠤᠯᠳᠠᠭ᠃

ᠮᠣᠩ᠋ᠭᠤᠯ᠂ ᠫᠣᠯᠠᠨ᠋ᠳ᠋ ᠤᠯᠤᠰ 1950 ᠣᠨ ᠤ 04 ᠊ᠳ᠋ᠦᠭᠡᠷ ᠰᠠᠷ᠎ᠠ ᠢᠢᠨ 14 ᠦ ᠡᠳᠦᠷ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ᠃

ᠫᠣᠯᠠᠨ᠋ᠳ᠋ ᠤᠯᠤᠰ 37 ᠰᠠᠶ᠎ᠠ ᠭᠠᠷᠤᠶ ᠬᠦᠮᠦᠨ ᠠᠮᠠ ᠲᠠᠢ᠃ ᠫᠠᠷᠯᠠᠮᠧᠨ᠋ᠲ ᠤᠨ ᠵᠠᠰᠠᠭᠯᠠᠯ ᠲᠠᠢ ᠪᠥᠭᠡᠳ ᠰᠧᠢᠢᠮ᠂ ᠰᠧᠨᠠᠲ᠋ ᠭᠡᠰᠡᠨ ᠬᠣᠶᠠᠷ ᠲᠠᠩᠬᠢᠮ ᠲᠠᠢ᠃ ᠰᠧᠢᠢᠮ ᠦᠨ ᠭᠡᠰᠢᠭᠦᠳ ᠢ ᠫᠷᠣᠫᠤᠷᠼᠢᠶᠣᠨᠠᠯᠢ᠂ ᠰᠧᠨᠠᠲ᠋ ᠤᠨ ᠭᠡᠰᠢᠭᠦᠳ ᠢ ᠮᠠᠵᠣᠷᠢᠲ᠋ᠠᠷ ᠰᠢᠰᠲ᠋ᠧᠮ ᠢᠶᠡᠷ ᠰᠣᠩ᠋ᠭᠤᠳᠠᠭ᠃

ᠶᠡᠷᠦᠩᠬᠡᠢᠢᠯᠡᠭᠴᠢ ᠠ᠊·ᠳ᠋ᠦᠳᠠ 2020 ᠣᠨ ᠳᠤ ᠲᠠᠪᠤᠨ ᠵᠢᠯ ᠦᠨ ᠬᠤᠭᠤᠴᠠᠭ᠎ᠠ ᠪᠠᠷ ᠳᠠᠬᠢᠨ ᠰᠣᠩ᠋ᠭᠤᠭᠳᠠᠭᠰᠠᠨ᠃ 1996 ᠣᠨ ᠳᠤ ᠬᠠᠤᠯᠢ ᠵᠦᠢ᠂ ᠤᠳᠤᠷᠢᠳᠤᠯᠭ᠎ᠠ ᠢᠢᠨ ᠤᠬᠠᠭᠠᠨ ᠤ ᠴᠢᠭᠯᠡᠯ ᠢᠶᠡᠷ ᠶᠡᠬᠡ ᠰᠤᠷᠭᠠᠭᠤᠯᠢ ᠲᠡᠭᠦᠰᠦᠭᠰᠡᠨ᠃ «ᠫᠣᠯᠠᠨ᠋ᠳ᠋ ᠤᠨ ᠵᠠᠬᠢᠷᠭᠠᠨ ᠤ ᠡᠷᠬᠡ ᠵᠦᠢ ᠳ᠋ᠡᠬᠢ ᠬᠠᠤᠯᠢ ᠢᠢᠨ ᠠᠰᠢᠭ ᠰᠣᠨᠢᠷᠬᠠᠯ» ᠰᠡᠳᠦᠪ ᠢᠶᠡᠷ ᠳ᠋ᠣᠻᠲ᠋ᠤᠷ ᠤᠨ ᠵᠡᠷᠭᠡ ᠬᠠᠮᠠᠭᠠᠯᠠᠭᠰᠠᠨ᠃

ᠫᠣᠯᠠᠨ᠋ᠳ᠋ ᠤᠨ ᠳᠣᠲᠤᠭᠠᠳᠤ ᠢᠢᠨ ᠨᠡᠢᠢᠲᠡ ᠪᠦᠲᠦᠭᠡᠭ᠍ᠳᠡᠬᠦᠨ ᠨᠢ 860 ᠭᠠᠷᠤᠶ ᠲᠡᠷᠪᠤᠮ ᠠᠮᠠ᠊·ᠳ᠋ᠣᠯᠯᠠᠷ᠃ ᠨᠢᠭᠡ ᠬᠦᠨᠳᠦ ᠨᠣᠭᠳᠠᠬᠤ ᠳᠣᠲᠤᠭᠠᠳᠤ ᠢᠢᠨ ᠨᠡᠢᠢᠲᠡ ᠪᠦᠲᠦᠭᠡᠭ᠍ᠳᠡᠬᠦᠨ 23 ᠮᠢᠩ᠋ᠭ᠎ᠠ ᠭᠠᠷᠤᠶ ᠠᠮᠠ᠊·ᠳ᠋ᠣᠯᠯᠠᠷ᠃ ᠳᠤᠮᠳᠠᠵᠢ ᠴᠠᠯᠢᠩ 2.000 ᠭᠠᠷᠤᠶ ᠧᠦ᠋ᠷᠣ᠋᠂ ᠳᠤᠮᠳᠠᠵᠢ ᠲᠡᠳᠬᠦᠪᠦᠷᠢ 940 ᠧᠦ᠋ᠷᠣ᠋᠃

ᠠᠵᠤ ᠦᠢᠯᠡᠳᠪᠦᠷᠢᠯᠡᠯ᠂ ᠦᠢᠯᠡᠴᠢᠯᠡᠭᠡ᠂ ᠬᠥᠳᠡᠭᠡ ᠠᠵᠤ ᠠᠬᠤᠶ᠂ ᠮᠧᠲ᠋ᠠᠯᠯᠦ᠋ᠷᠭᠢ᠂ ᠠᠭᠤᠯᠠ ᠠᠭᠤᠷᠬᠠᠶ ᠡᠳ᠋ ᠦᠨ ᠵᠠᠰᠠᠭ ᠤᠨ ᠬᠢ ᠨᠢ ᠭᠣᠣᠯᠯᠠᠬᠤ ᠰᠠᠯᠪᠤᠷᠢ ᠳᠤ ᠲᠣᠭᠠᠴᠠᠭᠳᠠᠳᠠᠭ᠃ ᠲᠤᠰ ᠪᠦᠷᠢ 350 ᠭᠠᠷᠤᠶ ᠲᠡᠷᠪᠤᠮ ᠧᠦ᠋ᠷᠣ᠋ ᠢᠢᠨ ᠦᠨ᠎ᠡ ᠪᠦᠬᠦᠢ ᠮᠠᠱᠢᠨ᠂ ᠲᠣᠨᠤᠭ ᠲᠥᠬᠦᠭᠡᠷᠦᠮᠵᠢ᠂ ᠬᠢᠮᠢ ᠢᠢᠨ ᠪᠦᠲᠦᠭᠡᠭ᠍ᠳᠡᠬᠦᠨ᠂ ᠬᠦᠨᠡᠰᠦ᠂ ᠬᠥᠳᠡᠭᠡ ᠠᠵᠤ ᠠᠬᠤᠶ ᠢᠢᠨ ᠪᠦᠲᠦᠭᠡᠭ᠍ᠳᠡᠬᠦᠨ᠂ ᠮᠧᠲ᠋ᠠᠯᠯᠦ᠋ᠷᠭᠢ ᠡᠻᠰᠫᠣᠷᠲ᠋ᠯᠠᠵᠤ᠂ ᠢᠮᠫᠣᠷᠲ᠋ᠯᠠᠳᠠᠭ᠃ ᠭᠠᠳᠠᠭᠠᠳᠤ ᠢᠢᠨ ᠰᠢᠭᠤᠳ ᠬᠥᠷᠦᠩ᠋ᠭᠡ ᠣᠷᠤᠭᠤᠯᠤᠯᠲᠠ ᠢᠢᠨ ᠬᠡᠮᠵᠢᠶ᠎ᠡ ᠵᠢᠯ ᠪᠦᠷᠢ ᠥᠰᠴᠦ᠂ 3.7 ᠲᠡᠷᠪᠤᠮ ᠧᠦ᠋ᠷᠣ᠋ ᠳᠤ ᠬᠦᠷᠴᠡᠢ᠃