ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠵᠠᠷᠯᠢᠭ ᠭᠠᠷᠭᠠᠨ᠂ ᠮᠣᠩ᠋ᠭᠤᠯ ᠤᠯᠤᠰ᠂ ᠪᠦᠭᠦᠳᠡ ᠨᠠᠢᠢᠷᠠᠮᠳᠠᠬᠤ ᠫᠣᠯᠠᠨ᠋ᠳ᠋ ᠤᠯᠤᠰ ᠤᠨ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ᠂ ᠡᠷᠡᠭᠦᠯ ᠮᠡᠨᠳᠦ ᠢᠢᠨ ᠰᠠᠯᠪᠤᠷᠢ ᠳᠤ ᠦᠷ᠎ᠡ ᠪᠦᠲᠦᠭᠡᠯ ᠲᠡᠢ ᠠᠵᠢᠯᠯᠠᠵᠤ ᠣᠨᠴᠤᠭᠤᠶ ᠠᠮᠵᠢᠯᠲᠠ ᠭᠠᠷᠭᠠᠭᠰᠠᠨ ᠡᠷᠬᠢᠮ ᠦᠳ ᠲᠥ ᠲᠥᠷᠦ ᠢᠢᠨ ᠳᠡᠭᠡᠳᠦ ᠱᠠᠩᠨᠠᠯ᠂ ᠣᠳᠣᠨ᠂ ᠮᠧᠳᠠᠯᠢ ᠬᠦᠷᠲᠡᠭᠡᠯ᠎ᠡ᠃
ᠡᠷᠡᠭᠦᠯ ᠢ ᠬᠠᠮᠠᠭᠠᠯᠠᠬᠤ ᠢᠢᠨ ᠭᠠᠪᠢᠶᠠᠲᠤ ᠠᠵᠢᠯᠲᠠᠨ ᠴᠣᠯᠠ ᠪᠠᠷ:
• ᠫᠣᠯᠠᠨ᠋ᠳ᠋ ᠤᠯᠤᠰ ᠲᠤ «ᠣᠲᠠᠴᠢ ᠮᠠᠨᠠᠯ» ᠻᠣᠮᠫᠠᠨᠢ ᠢᠢᠨ ᠵᠠᠬᠢᠷᠤᠯ᠂ ᠤᠯᠠᠮᠵᠢᠯᠠᠯᠲᠤ ᠠᠨᠠᠭᠠᠬᠤ ᠤᠬᠠᠭᠠᠨ ᠤ ᠻᠯᠢᠨᠢᠻ ᠦᠨ ᠫᠷᠣᠹᠧᠰᠰᠤᠷ᠂ ᠲᠡᠷᠢᠭᠦᠯᠡᠬᠦ ᠵᠡᠷᠭᠡ ᠢᠢᠨ ᠡᠮᠴᠢ ᠳᠠᠰᠢᠳᠠᠸᠠ ᠢᠢᠨ ᠴᠢᠯᠠᠭᠤᠨᠴᠡᠴᠡᠭ᠂
ᠬᠦᠮᠦᠨ ᠦ ᠭᠠᠪᠢᠶᠠᠲᠤ ᠡᠮᠴᠢ ᠴᠣᠯᠠ ᠪᠠᠷ:
• ᠠᠨᠠᠭᠠᠬᠤ ᠤᠬᠠᠭᠠᠨ ᠤ ᠳ᠋ᠣᠻᠲ᠋ᠤᠷ᠂ ᠮᠡᠳᠡᠷᠡᠯ ᠪᠣᠯᠤᠨ ᠤᠯᠠᠮᠵᠢᠯᠠᠯᠲᠤ ᠠᠨᠠᠭᠠᠬᠤ ᠤᠬᠠᠭᠠᠨ ᠤ ᠲᠡᠷᠢᠭᠦᠯᠡᠬᠦ ᠵᠡᠷᠭᠡ ᠢᠢᠨ ᠡᠮᠴᠢ ᠪᠠᠲᠤ ᠢᠢᠨ ᠣᠴᠢ᠂
ᠰᠦᠬᠡᠪᠠᠭᠠᠲᠤᠷ ᠤᠨ ᠣᠳᠣᠨ ᠢᠢᠠᠷ
• ᠫᠣᠯᠠᠨ᠋ᠳ᠋ ᠤᠯᠤᠰ ᠲᠤ «ᠵᠠᠮᠤᠬ ᠠ» ᠬᠠᠷᠢᠯᠴᠠᠭ᠎ᠠ ᠬᠣᠯᠪᠤᠭᠠᠨ ᠤ ᠻᠣᠮᠫᠠᠨᠢ ᠢᠢᠨ ᠶᠡᠷᠦᠩᠬᠡᠶ ᠵᠠᠬᠢᠷᠤᠯ᠂ ᠻᠯᠢᠨᠢᠻ ᠦᠨ ᠫᠷᠣᠹᠧᠰᠰᠤᠷ᠂ ᠮᠡᠳᠡᠷᠡᠯ᠂ ᠤᠯᠠᠮᠵᠢᠯᠠᠯᠲᠤ ᠠᠨᠠᠭᠠᠬᠤ ᠤᠬᠠᠭᠠᠨ ᠤ ᠲᠡᠷᠢᠭᠦᠯᠡᠬᠦ ᠵᠡᠷᠭᠡ ᠢᠢᠨ ᠡᠮᠴᠢ ᠨᠣᠷᠪᠤᠳᠣᠨᠳᠣᠭ ᠤᠨ ᠵᠠᠮᠰᠠᠷᠢᠩᠵᠠᠪ᠂
ᠬᠥᠳᠡᠯᠮᠦᠷᠢ ᠢᠢᠨ ᠭᠠᠪᠢᠶᠠᠨ ᠤ ᠤᠯᠠᠭᠠᠨ ᠲᠤᠭ ᠤᠨ ᠣᠳᠣᠨ ᠢᠢᠠᠷ
• ᠸᠠᠷᠱᠠᠸᠠ ᠢᠢᠨ ᠶᠡᠬᠡ ᠰᠤᠷᠭᠠᠭᠤᠯᠢ ᠢᠢᠨ ᠮᠣᠩ᠋ᠭᠤᠯ᠂ ᠲᠥᠪᠡᠳ ᠬᠡᠯᠡᠨ ᠦ ᠪᠠᠭᠰᠢ ᠷᠠᠭᠴᠠ ᠢᠢᠨ ᠪᠢᠮᠪᠠ᠂
• «ᠬᠢᠯᠢ ᠢᠢᠨ ᠴᠢᠨᠠᠳᠤ ᠳ᠋ᠠᠬᠢ ᠮᠣᠩ᠋ᠭᠤᠯᠴᠤᠳ ᠤᠨ ᠵᠥᠪᠯᠡᠯ» ᠲᠥᠷᠦ ᠢᠢᠨ ᠪᠤᠰᠤ ᠪᠠᠢᠢᠭᠤᠯᠤᠯᠭ ᠠ ᠢᠢᠨ ᠲᠡᠷᠢᠭᠦᠨ᠂ ᠬᠦᠮᠦᠨ ᠦ ᠶᠡᠬᠡ ᠡᠮᠴᠢ ᠰᠦᠬᠡ ᠢᠢᠨ ᠴᠡᠷᠢᠩᠳᠡᠮᠪᠡᠷᠢᠯ᠂
ᠠᠯᠲᠠᠨ ᠭᠠᠳᠠᠰᠤ ᠣᠳᠣᠨ ᠢᠢᠠᠷ:
• ᠪᠦᠭᠦᠳᠡ ᠨᠠᠢᠢᠷᠠᠮᠳᠠᠬᠤ ᠫᠣᠯᠠᠨ᠋ᠳ᠋ ᠤᠯᠤᠰ ᠤᠨ ᠨᠡᠷᠡᠲᠦ ᠮᠣᠩ᠋ᠭᠤᠯᠴᠢ ᠡᠷᠳᠡᠮᠲᠡᠨ ᠶᠧᠵᠢ ᠲᠦᠯᠢᠰᠣᠸ᠂
• ᠫᠣᠯᠠᠨ᠋ᠳ᠋ ᠤᠨ ᠰᠣᠶᠤᠯ ᠤᠨ ᠠᠨ᠋ᠲ᠋ᠷᠤᠫᠤᠯᠤᠭᠢᠴᠢ᠂ ᠤᠭᠰᠠᠭᠠᠲᠠᠨ ᠤ ᠰᠤᠳᠤᠯᠤᠭᠠᠴᠢ᠂ ᠫᠷᠣᠹᠧᠰᠰᠤᠷ ᠶᠧᠵᠢ ᠸᠠᠱᠢᠯᠧᠸᠰᠻᠢ᠂
• «ᠮᠣᠩ᠋ᠭᠤᠯ ᠠᠶᠠᠯᠭᠤ» ᠬᠠᠮᠲᠤᠯᠢᠭ ᠤᠨ ᠳᠠᠷᠤᠯᠲᠠᠲᠤ ᠬᠥᠭ᠍ᠵᠢᠮᠴᠢᠨ ᠪᠠᠲᠤᠰᠦ᠋ᠬᠡ ᠢᠢᠨ ᠰᠦᠷᠦᠩᠵᠠᠪ᠂
• «ᠮᠣᠩ᠋ᠭᠤᠯ ᠠᠶᠠᠯᠭᠤ» ᠬᠠᠮᠲᠤᠯᠢᠭ ᠤᠨ ᠶᠣᠣᠴᠢᠨ ᠬᠥᠭ᠍ᠵᠢᠮᠴᠢᠨ ᠯᠠᠭᠰᠠᠮ ᠤᠨ ᠡᠷᠳᠡᠨᠢᠴᠢᠮᠡᠭ᠂
• «ᠮᠣᠩ᠋ᠭᠤᠯ ᠠᠶᠠᠯᠭᠤ» ᠬᠠᠮᠲᠤᠯᠢᠭ ᠤᠨ ᠮᠣᠷᠢᠨ ᠬᠤᠭᠤᠷᠴᠢ ᠪᠠᠯᠳᠣᠷᠵᠢ ᠢᠢᠨ ᠨᠠᠷᠠᠨᠲᠤᠶᠠᠭ᠎ᠠ᠂
• ᠫᠣᠯᠠᠨ᠋ᠳ᠋ ᠳ᠋ᠠᠬᠢ ᠮᠣᠩ᠋ᠭᠤᠯᠴᠤᠳ ᠤᠨ ᠬᠣᠯᠪᠤᠭᠠᠨ ᠤ ᠲᠡᠷᠢᠭᠦᠨ᠂ ᠤᠯᠠᠮᠵᠢᠯᠠᠯᠲᠤ ᠠᠨᠠᠭᠠᠬᠤ ᠤᠬᠠᠭᠠᠨ ᠤ ᠡᠮᠴᠢ ᠸᠴᠢᠷᠰᠦ᠋ᠬᠡ ᠢᠢᠨ ᡀᠠᠭᠪᠠ᠂
• «ᠪᠠᠲᠤ ᠮᠣᠨ» ᠹᠧᠷᠮ ᠦᠨ ᠳᠣᠲᠤᠷ᠎ᠠ ᠢᠢᠨ ᠡᠮᠴᠢ᠂ ᠳᠣᠷᠤᠨ᠎ᠠ ᠳᠠᠬᠢᠨ ᠤ ᠤᠯᠠᠮᠵᠢᠯᠠᠯᠲᠤ ᠠᠨᠠᠭᠠᠬᠤ ᠤᠬᠠᠭᠠᠨ ᠤ ᠮᠡᠷᠭᠡᠵᠢᠯᠲᠡᠨ᠂ ᠵᠡᠭᠦᠨ ᠦ ᠡᠮᠴᠢ ᠲᠣᠭᠲᠠᠬᠤᠰᠦ᠋ᠷᠦᠩ ᠦᠨ ᠣᠶᠤᠨᠴᠡᠴᠡᠭ᠂
• ᠫᠣᠯᠠᠨ᠋ᠳ᠋ ᠤᠯᠤᠰ ᠤᠨ ᠴᠢᠶᠧᠾᠣᠴᠢᠨᠧᠻ ᠷᠠᠰᠢᠶᠠᠨ ᠰᠤᠪᠢᠯᠠᠯ ᠤᠨ ᠲᠥᠪ ᠦᠨ ᠨᠥᠬᠦᠨ ᠰᠡᠷᠭᠦᠭᠡᠬᠦ᠂ ᠹᠢᠽᠢᠺ ᠡᠮᠴᠢᠯᠡᠭᠡᠨ ᠦ ᠡᠮᠴᠢ ᠴᠡᠶᠡᠩ-ᠣᠢᠢᠳᠤᠪ ᠤᠨ ᠪᠠᠲᠤᠪᠠᠶᠠᠷ᠂
• «ᠮᠣᠩ᠋ᠭᠤᠯ ᠡᠮᠨᠡᠯᠭᠡ» ᠵᠡᠭᠦᠦ ᠡᠮᠴᠢᠯᠡᠭᠡ᠂ ᠪᠠᠷᠢᠶ᠎ᠠ ᠵᠠᠰᠠᠯ ᠤᠨ ᠲᠥᠪ ᠦᠨ ᠵᠠᠬᠢᠷᠤᠯ᠂ ᠬᠦᠮᠦᠨ ᠦ ᠶᠡᠬᠡ ᠡᠮᠴᠢ ᠰᠣᠳᠨᠠᠮᠭᠣᠮᠪᠤ ᠢᠢᠨ ᠠᠯᠢᠮ᠎ᠠ᠂
• ᠫᠣᠯᠠᠨ᠋ᠳ᠋ ᠳ᠋ᠠᠬᠢ ᠮᠣᠩ᠋ᠭᠤᠯᠴᠤᠳ ᠤᠨ ᠬᠣᠯᠪᠤᠭᠠᠨ ᠤ ᠭᠦᠢᠴᠡᠳᠬᠡᠬᠦ ᠵᠠᠬᠢᠷᠤᠯ᠂ ᠤᠯᠠᠮᠵᠢᠯᠠᠯᠲᠤ ᠠᠨᠠᠭᠠᠬᠤ ᠤᠬᠠᠭᠠᠨ ᠤ ᠡᠮᠴᠢ ᠳᠣᠪᠴᠢᠨ ᠤ ᠡᠩᠬᠡᠵᠢᠷᠭᠠᠯ᠂
• ᠫᠣᠯᠠᠨ᠋ᠳ᠋ ᠤᠯᠤᠰ ᠲᠤ «ᠲᠡᠮᠦᠵᠢᠨ» ᠤᠯᠠᠮᠵᠢᠯᠠᠯᠲᠤ ᠠᠨᠠᠭᠠᠬᠤ ᠤᠬᠠᠭᠠᠨ ᠤ ᠡᠮᠨᠡᠯᠭᠡ ᠢᠢᠨ ᠡᠭᠦᠰᠬᠡᠨ ᠪᠠᠢᠢᠭᠤᠯᠤᠭᠴᠢ ᠬᠤᠨᠵᠠᠪ ᠤᠨ ᠴᠢᠨᠵᠠᠪ᠂
• ᠫᠣᠯᠠᠨ᠋ᠳ᠋ ᠤᠯᠤᠰ ᠲᠤ «ᠤᠨᠳᠤᠷᠮ᠎ᠠ» ᠹᠧᠷᠮ ᠦᠨ ᠡᠮᠴᠢ᠂ ᠤᠯᠠᠮᠵᠢᠯᠠᠯᠲᠤ ᠠᠨᠠᠭᠠᠬᠤ ᠤᠬᠠᠭᠠᠨ ᠤ ᠻᠯᠢᠨᠢᠻ ᠦᠨ ᠫᠷᠣᠹᠧᠰᠰᠤᠷ ᠳᠠᠭᠪᠠ ᠢᠢᠨ ᠲᠤᠩ᠋ᠭᠠᠯᠠᠭ᠂
• ᠬᠦᠮᠦᠨ ᠦ ᠶᠡᠬᠡ ᠡᠮᠴᠢ᠂ ᠻᠯᠢᠨᠢᠻ ᠦᠨ ᠫᠷᠣᠹᠧᠰᠰᠤᠷ ᠴᠡᠶᠡᠩ-ᠣᠢᠢᠳᠤᠪ ᠤᠨ ᠣᠳᠤᠬᠡᠷᠡᠯ᠂
• ᠬᠦᠮᠦᠨ ᠦ ᠶᠡᠬᠡ ᠡᠮᠴᠢ᠂ ᠻᠯᠢᠨᠢᠻ ᠦᠨ ᠫᠷᠣᠹᠧᠰᠰᠤᠷ ᠪᠢᠮᠪᠠᠰᠦ᠋ᠷᠦᠩ ᠦᠨ ᠰᠠᠢᠢᠨᠵᠢᠷᠭᠠᠯ᠂
• «ᠮᠣᠩ᠋ᠭᠤᠯ ᠠᠶᠠᠯᠭᠤ» ᠬᠠᠮᠲᠤᠯᠢᠭ ᠤᠨ ᠬᠤᠭᠤᠴᠢᠷ᠂ ᠮᠣᠷᠢᠨ ᠬᠤᠭᠤᠷᠴᠢ ᠳᠠᠸᠠᠰᠠᠮᠪᠤᠤ ᠢᠢᠨ ᠴᠡᠴᠡᠭ᠂
• «ᠮᠣᠩ᠋ᠭᠤᠯ ᠠᠶᠠᠯᠭᠤ» ᠬᠠᠮᠲᠤᠯᠢᠭ ᠤᠨ ᠪᠦᠵᠢᠭ᠍ᠴᠢᠨ ᠨᠣᠮᠢᠨᠳᠠᠯᠠᠶ ᠢᠢᠨ ᠨᠠᠷᠠᠨᠲᠤᠶᠠᠭ᠎ᠠ᠂
• «ᠮᠣᠩ᠋ᠭᠤᠯ ᠠᠶᠠᠯᠭᠤ» ᠬᠠᠮᠲᠤᠯᠢᠭ ᠤᠨ ᠶᠠᠲᠤᠭ᠎ᠠ ᠬᠥᠭ᠍ᠵᠢᠮᠴᠢᠨ ᠬᠠᠩᠳᠤᠰᠦ᠋ᠷᠦᠩ ᠦᠨ ᠡᠩᠬᠡᠪᠢᠯᠢᠭ᠌᠂



ᠨᠠᠢᠢᠷᠠᠮᠳᠠᠯ ᠮᠧᠳᠠᠯᠢ ᠪᠠᠷ:
• ᠫᠣᠯᠠᠨ᠋ᠳ᠋ ᠤᠨ ᠤᠭᠰᠠᠭᠠᠲᠠᠨ ᠤ ᠵᠦᠢ ᠢᠢᠨ ᠰᠤᠳᠤᠯᠤᠭᠠᠴᠢ᠂ ᠫᠷᠣᠹᠧᠰᠰᠤᠷ ᠯᠧᠾ ᠮᠷᠦ᠋ᠽ᠂
• ᠫᠠᠯᠧᠣᠨ᠋ᠲ᠋ᠤᠯᠤᠭᠢᠴᠢ᠂ ᠪᠠᠢᠢᠭᠠᠯᠢ ᠢᠢᠨ ᠤᠬᠠᠭᠠᠨ ᠤ ᠳ᠋ᠣᠻᠲ᠋ᠤᠷ᠂ ᠪᠢᠣᠯᠣᠭᠢ ᠢᠢᠨ ᠰᠢᠨᠵᠢᠯᠡᠬᠦ ᠤᠬᠠᠭᠠᠨ ᠤ ᠫᠷᠣᠹᠧᠰᠰᠤᠷ ᠮᠠᠭᠳᠠᠯᠧᠨᠠ ᠪᠣᠷᠰᠦ᠋ᠻ-ᠪᠶᠠᠯᠢᠨᠢᠼᠻᠠ᠂
• ᠯᠧᠭᠨᠢᠼᠻᠧ ᠫᠣᠯᠧ ᠭᠮᠢᠨ ᠦ ᠳᠠᠷᠤᠭ᠎ᠠ᠂ « ᠯᠧᠭᠨᠢᠼᠻᠧ ᠫᠣᠯᠧ 1241» ᠲᠥᠰᠦᠯ ᠢ ᠬᠥᠭ᠍ᠵᠢᠭᠦᠯᠬᠦ ᠰᠲ᠋ᠷᠠᠲ᠋ᠧᠭᠢ ᠢᠢᠨ ᠰᠠᠨᠠᠭᠠᠴᠢᠯᠠᠭᠴᠢ ᠷᠠᠹᠠᠯ ᠫᠯᠧᠵᠢᠶ ᠠ᠂
• ᠫᠣᠯᠠᠨ᠋ᠳ᠋ ᠳ᠋ᠠᠬᠢ ᠲᠠᠲᠠᠷ ᠤᠨ ᠭᠡᠷ ᠨᠡᠢᠢᠭᠡᠮᠯᠢᠭ᠌ ᠦᠨ ᠲᠡᠷᠢᠭᠦᠨ ᠵᠧᠨᠧᠲ᠋ᠲ᠋ᠠ ᠪᠣᠭᠳᠠᠨᠣᠸᠢᠴ᠂
• ᠻᠷᠦ᠋ᠱᠢᠨᠢᠶᠠᠨ ᠤ ᠭᠮᠢᠨ ᠦ ᠳᠠᠷᠤᠭ᠎ᠠ ᠪᠷᠣᠨᠢᠰᠯᠠᠸ ᠲᠠᠯᠻᠣᠸᠰᠻᠢ᠂
• ᠸᠠᠷᠱᠠᠸᠠ ᠢᠢᠨ ᠶᠡᠬᠡ ᠰᠤᠷᠭᠠᠭᠤᠯᠢ ᠢᠢᠨ ᠳᠣᠷᠤᠨ᠎ᠠ ᠳᠠᠬᠢᠨ ᠤ ᠰᠤᠳᠤᠯᠤᠯ ᠤᠨ ᠹᠠᠻᠦ᠋ᠯᠲ᠋ᠧᠲ᠋ ᠦᠨ ᠲᠦᠷᠻᠣᠯᠣᠭᠢ ᠪᠠ ᠲᠥᠪ ᠠᠽᠢ ᠢᠢᠨ ᠲᠢᠩᠬᠢᠮ ᠦᠨ ᠫᠷᠣᠹᠧᠰᠰᠤᠷ ᠮᠠᠭᠳᠠᠯᠧᠨᠠ ᠱᠫᠢᠨ᠋ᠳ᠋ᠯᠧᠷ᠂
• ᠫᠣᠯᠠᠨ᠋ᠳ᠋-ᠮᠣᠩ᠋ᠭᠤᠯ ᠤᠨ ᠬᠤᠳᠠᠯᠳᠤᠭ᠎ᠠ᠂ ᠠᠵᠤ ᠦᠢᠯᠡᠳᠪᠦᠷᠢ ᠢᠢᠨ ᠲᠠᠩᠬᠢᠮ ᠤᠨ ᠶᠡᠷᠦᠩᠬᠡᠢᠢᠯᠡᠭᠴᠢ ᠮᠠᠴᠧᠶ ᠳ᠋ᠸᠣᠷᠠᠻ᠂
• «ᠾᠣᠷᠦ᠋ᠰ-ᠡᠨᠧᠷᠭᠢᠶ ᠠ» ᠻᠣᠮᠫᠠᠨᠢ ᠢᠢᠨ ᠶᠡᠷᠦᠩᠬᠡᠢᠢᠯᠡᠭᠴᠢ ᠶᠠᠨ ᠻᠣᠪᠯᠠᠻ᠂
• ᠸᠠᠷᠱᠠᠸᠠ ᠳᠤ ᠲᠥᠪ ᠲᠡᠢ ᠧᠦ᠋ᠷᠣᠫᠠ ᠢᠢᠨ ᠪᠢᠽᠢᠨᠧᠰ ᠦᠨ ᠻᠯᠦ᠋ᠪ ᠦᠨ ᠫᠣᠯᠠᠨ᠋ᠳ᠋ ᠨᠡᠢᠢᠭᠡᠮᠯᠢᠭ᠌ ᠦᠨ ᠡᠭᠦᠰᠬᠡᠨ ᠪᠠᠢᠢᠭᠤᠯᠤᠭᠴᠢ ᠶᠠᠨᠦ᠋ᠱ ᠴᠧᠱᠯᠠᠻ᠂
• ᠸᠷᠣᠼᠯᠠᠸ ᠬᠣᠲᠠ ᠢᠢᠨ ᠳᠦᠷᠰᠦᠯᠡᠬᠦ ᠤᠷᠠᠯᠢᠭ ᠤᠨ ᠠᠻᠠᠳᠧᠮᠢ ᠢᠢᠨ ᠫᠷᠣᠹᠧᠰᠰᠤᠷ ᠶᠠᠨ ᠻᠦᠻᠦ᠋ᠯᠠ ᠨᠠᠷ ᠢ ᠱᠠᠩᠨᠠᠯ᠎ᠠ᠃
ᠶᠡᠷᠦᠩᠬᠡᠢᠢᠯᠡᠭᠴᠢ ᠤ·ᠬᠦᠷᠡᠯᠰᠦ᠋ᠬᠡ ᠲᠥᠷᠦ ᠢᠢᠨ ᠳᠡᠭᠡᠳᠦ ᠱᠠᠩᠨᠠᠯ᠂ ᠣᠳᠣᠨ᠂ ᠮᠧᠳᠠᠯᠢ ᠬᠦᠷᠲᠡᠭᠰᠡᠨ ᠡᠷᠬᠢᠮ ᠦᠳ ᠲᠥ ᠪᠣᠯᠤᠨ ᠲᠡᠳᠡᠨ ᠦ ᠭᠡᠷ ᠪᠦᠯᠦ᠂ ᠬᠠᠮᠲᠤ ᠣᠯᠠᠨ ᠳᠤ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠪᠡ᠃
ᠶᠡᠷᠦᠩᠬᠡᠢᠢᠯᠡᠭᠴᠢ ᠤ·ᠬᠦᠷᠡᠯᠰᠦ᠋ᠬᠡ ᠢᠢᠨ ᠪᠦᠭᠦᠳᠡ ᠨᠠᠢᠢᠷᠠᠮᠳᠠᠬᠤ ᠫᠣᠯᠠᠨ᠋ᠳ᠋ ᠤᠯᠤᠰ ᠲᠤ ᠬᠢᠭ᠍ᠰᠡᠨ ᠲᠥᠷᠦ ᠢᠢᠨ ᠠᠢᠢᠯᠴᠢᠯᠠᠯ ᠤᠨ ᠬᠦᠷᠢᠶᠡᠨ ᠳᠥ «ᠴᠢᠩᠬᠢᠰ ᠬᠠᠭᠠᠨ» ᠣᠳᠤᠨᠲᠤ᠂ ᠮᠣᠩ᠋ᠭᠤᠯ ᠤᠯᠤᠰ ᠤᠨ ᠰᠣᠶᠤᠯ ᠤᠨ ᠡᠯᠴᠢ ᠮᠣᠷᠢᠨ ᠬᠤᠭᠤᠷ ᠤᠨ ᠨᠠᠢᠢᠷᠠᠯ ᠬᠥᠭ᠍ᠵᠢᠮ ᠸᠠᠷᠱᠠᠸᠠ ᠬᠣᠲᠠᠨ᠎ᠠ «ᠮᠣᠩ᠋ᠭᠤᠯ ᠤᠨ ᠰᠠᠢᠢᠬᠠᠨ ᠣᠷᠤᠨ» ᠲᠣᠭᠯᠠᠯᠲᠠ ᠪᠠᠨ ᠲᠣᠯᠢᠯᠠᠭᠤᠯᠤᠯ᠎ᠠ᠃
ᠲᠣᠭᠯᠠᠯᠲᠠ ᠢᠢ ᠶᠡᠷᠦᠩᠬᠡᠢᠢᠯᠡᠭᠴᠢ ᠤ·ᠬᠦᠷᠡᠯᠰᠦ᠋ᠬᠡ᠂ ᠪᠦᠭᠦᠳᠡ ᠨᠠᠢᠢᠷᠠᠮᠳᠠᠬᠤ ᠫᠣᠯᠠᠨ᠋ᠳ᠋ ᠤᠯᠤᠰ ᠤᠨ ᠶᠡᠷᠦᠩᠬᠡᠢᠢᠯᠡᠭᠴᠢ ᠠ᠊·ᠳ᠋ᠦᠳᠠ ᠨᠠᠷ ᠦᠵᠡᠵᠦ ᠰᠣᠨᠢᠷᠬᠠᠯ᠎ᠠ᠃
ᠮᠣᠷᠢᠨ ᠬᠤᠭᠤᠷ ᠤᠨ ᠨᠠᠢᠢᠷᠠᠯ ᠬᠥᠭ᠍ᠵᠢᠮ ᠪᠦᠷᠢᠨ ᠪᠦᠷᠢᠯᠳᠦᠬᠦᠨ ᠢᠶᠡᠷ ᠢᠶᠡᠨ ᠮᠣᠩ᠋ᠭᠤᠯ ᠦᠨᠳᠦᠰᠦᠲᠡᠨ ᠦ ᠰᠣᠶᠤᠯ᠂ ᠤᠷᠠᠯᠢᠭ ᠤᠨ ᠣᠷᠭᠢᠯ ᠪᠦᠲᠦᠭᠡᠯ ᠦᠳ ᠢ ᠲᠤᠰ ᠤᠯᠤᠰ ᠲᠤ ᠠᠮᠢᠳᠤᠷᠠᠵᠤ ᠪᠤᠢ ᠮᠣᠩ᠋ᠭᠤᠯᠴᠤᠳ ᠲᠤ ᠪᠣᠯᠤᠨ ᠫᠣᠯᠠᠨ᠋ᠳ᠋ ᠤᠨ ᠲᠥᠷᠦ᠂ ᠵᠠᠰᠠᠭ ᠤᠨ ᠬᠦᠨᠳᠦᠲᠦ ᠵᠣᠴᠢᠳ᠂ ᠨᠡᠢᠢᠭᠡᠮ᠂ ᠰᠣᠶᠤᠯ ᠤᠨ ᠵᠢᠳᠬᠦᠯᠲᠡᠨ ᠨᠦᠭᠦᠳ᠂ ᠢᠷᠭᠡᠳ ᠲᠥ ᠡᠷᠭᠦᠨ ᠪᠠᠷᠢᠯ᠎ᠠ᠃


